ᠬᠦᠪᠡᠭᠡᠲᠦ ᠰᠢᠷ᠎ᠠ ᠬᠤᠰᠢᠭᠤᠨ ᠤ ᠪᠤᠬᠳᠠ ᠶᠢᠨ ᠭᠤᠤᠯ ᠰᠤᠮᠤᠨ ᠤ ᠪᠤᠬᠳᠠ ᠶᠢᠨ ᠭᠤᠤᠯ ᠭᠠᠴᠠᠭᠠᠨ ᠤ ᠮᠠᠯᠴᠢᠨ | ᠪᠠᠭᠠᠳᠤᠷ ᠬᠡᠳᠤᠨ ᠵᠢᠯ ᠤᠨ ᠡᠮᠤᠨ᠎ᠠ ᠬᠦᠨᠲᠦ ᠡᠪᠡᠳᠴᠢᠯᠠᠵᠦ᠂ ᠦᠭᠡᠷ ᠮᠠᠯ ᠢᠶᠠᠨ ᠬᠤᠳᠠᠯᠳᠤᠨ᠂ ᠡᠪᠡᠳᠴᠢᠨ ᠢᠶᠠᠨ ᠡᠮᠨᠡᠭᠦᠯᠵᠦ᠂ | ᠠᠮᠢᠳᠤᠷᠠᠯ ᠨᠢ ᠬᠦᠴᠢᠷᠳᠡᠭᠰᠡᠨ ᠢᠶᠠᠷ ᠭᠠᠴᠠᠭ᠎ᠠ ᠰᠤᠮᠤᠨ ᠤ ᠬᠢᠨᠢ ᠨᠠᠷᠢᠨ ᠬᠢᠨᠠᠮᠠᠭᠠᠢ ᠪᠠᠶᠢᠴᠠᠭᠠᠯᠳᠠ ᠬᠢᠵᠦ᠂ ᠤᠯᠤᠰ ᠤᠨ | ᠲᠡᠰ ᠤᠨ ᠶᠠᠳᠠᠭᠤ ᠬᠦᠴᠢᠷᠳᠠᠯᠳᠠᠢ ᠡᠷᠦᠭᠡ ᠪᠠᠷ ᠲᠠᠩᠰᠡᠯᠠᠭᠤᠯᠵᠦ᠂ ᠲᠦᠷᠦᠯ ᠵᠦᠢᠯ ᠤᠨ ᠳᠡᠮᠵᠢᠯᠭᠡ᠂ ᠡᠷᠡᠬᠦᠯ ᠬᠠᠮᠠᠭᠠᠯᠠᠯ᠂ | ᠰᠤᠷᠭᠠᠨ ᠬᠦᠮᠦᠵᠢᠯ ᠢᠶᠠᠷ ᠶᠠᠳᠠᠭᠤ ᠶᠢ ᠲᠡᠳᠬᠦᠬᠦ ᠵᠡᠷᠭᠡ ᠤᠯᠠᠨ ᠵᠥᠢᠯ ᠤᠨ ᠪᠦᠲᠦᠮᠵᠢᠳᠠᠢ ᠠᠷᠭ᠎ᠠ ᠪᠠᠷ ᠳᠡᠳᠬᠦᠵᠤ | ᠳᠡᠮᠵᠢᠭᠰᠡᠨ ᠠᠴᠠ ᠶᠠᠳᠠᠭᠤ ᠠᠴᠠ ᠪᠠᠨ ᠠᠩᠬᠢᠵᠢᠷᠠᠵᠦ᠂ ᠬᠦᠳᠡᠭᠡ ᠨᠤᠳᠤᠭ ᠲᠠᠭᠠᠨ ᠲᠦᠪᠬᠢᠨᠠᠬᠦᠨ ᠰᠠᠶᠢᠬᠠᠨ ᠠᠵᠦ ᠲᠦᠷᠦᠵᠦ | ᠪᠠᠶᠢᠨ᠎ᠠ᠃ | ᠦᠨᠦᠭᠡᠨ ᠲᠠᠬᠦᠨ ᠲᠠᠢ ᠬᠠᠷᠢᠯᠴᠠᠬᠰᠠᠨ ᠤᠳᠤᠷᠢᠳᠤᠯᠭ᠎ᠠ ᠪᠤᠯᠬᠤ ᠬᠥᠪᠡᠭᠡᠳᠤ ᠰᠢᠷ᠎ᠠ ᠬᠤᠰᠢᠭᠤᠨ ᠤ ᠡᠪᠯᠡᠯ ᠤᠨ | ᠬᠤᠷᠢᠶᠠᠨ ᠤ ᠲᠡᠳ᠋ ᠱᠦᠵᠢ ᠭᠦᠪᠴᠢᠨ ᠨᠦᠬᠦᠷ ᠪᠠᠭᠠᠳᠤᠷ ᠲᠤ ᠨᠢᠭᠡ ᠴᠠᠬᠢᠯᠭᠠᠨ ᠭᠠᠩᠨᠠᠭᠤᠷ ᠤᠨ ᠮᠠᠰᠢᠨ ᠬᠦᠷᠭᠡᠵᠡᠢ᠃ | ᠤᠤᠯ ᠨᠢ ᠪᠠᠭᠠᠳᠤᠷ ᠬᠤᠰᠢᠭᠤᠨ ᠤ ᠠᠵᠢᠯ ᠤᠯᠭᠤᠯᠳᠠ ᠶᠢᠨ ᠲᠤᠪᠴᠢᠶᠠᠨ ᠠᠴᠠ ᠡᠷᠬᠢᠯᠡᠭᠰᠡᠨ ᠴᠠᠬᠢᠯᠭᠠᠨ ᠭᠠᠩᠨᠠᠭᠤᠷ ᠤᠨ | ᠪᠤᠯᠪᠠᠰᠤᠷᠠᠯ ᠳᠤ ᠤᠷᠤᠯᠴᠠᠵᠦ᠂ ᠲᠤᠰᠬᠠᠢ ᠮᠠᠷᠬᠡᠵᠢᠯ ᠤᠨ ᠪᠤᠯᠪᠠᠰᠤᠷᠠᠯ ᠬᠦᠷᠳᠡᠵᠤ ᠥᠩᠭᠡᠷᠡᠪᠡ᠃ ᠭᠠᠷ ᠤᠷᠠᠨ ᠶᠠᠭᠤᠮᠠᠨ ᠳᠤ | ᠡᠪᠳᠡᠢ ᠪᠤᠯᠬᠤᠷ ᠪᠠᠭᠠᠳᠤᠷ ᠬᠡᠷ ᠲᠡᠭᠡᠨ ᠬᠠᠷᠢᠭᠠᠳ ᠪᠤᠰᠤᠳ ᠠᠴᠠ ᠭᠠᠩᠨᠠᠭᠤᠷ ᠤᠨ ᠮᠠᠰᠢᠨ ᠵᠢᠭᠡᠯᠡᠵᠦ᠂ ᠪᠠᠭ᠎ᠠ ᠰᠠᠭ᠎ᠠ | ᠭᠠᠩᠨᠠᠭᠤᠷ ᠤᠨ ᠠᠵᠢᠯ ᠬᠢᠳᠡᠭ ᠪᠠᠶᠢᠵᠠᠢ᠃ ᠭᠦᠪᠴᠢᠨ ᠨᠦᠬᠦᠷ ᠦᠷᠬᠦᠯᠵᠢ ᠲᠠᠳᠡᠨ ᠤ ᠬᠢᠨ ᠳᠤ ᠬᠦᠨᠵᠡᠬᠡᠶᠢᠷᠡᠵᠦ | ᠦᠢᠯᠡᠳᠪᠤᠷᠢᠯᠡᠯ ᠠᠮᠢᠳᠤᠷᠠᠯ ᠢ ᠨᠢ ᠦᠢᠯᠠᠭᠠᠳᠠᠭ ᠪᠠᠶᠢᠵᠤ᠂ ᠲᠡᠬᠦᠨ ᠤ ᠠᠵᠢᠯᠴᠢ ᠬᠦᠳᠡᠯᠮᠦᠷᠢᠴᠢ ᠵᠠᠩ ᠠᠪᠤᠷᠢ ᠶᠢ ᠨᠢ ᠶᠡᠭᠡ | ᠲᠤᠭᠤᠳᠠᠭ ᠢᠶᠠᠷ ᠪᠠᠭᠠᠳᠤᠷ ᠲᠠᠢ ᠨᠢᠮᠪᠠᠢ ᠶᠠᠷᠢᠯᠴᠠᠵᠦ᠂ ᠲᠡᠬᠦᠨ ᠳᠤ ᠨᠢᠭᠡ ᠴᠠᠬᠢᠯᠭᠠᠨ ᠭᠠᠩᠨᠠᠭᠤᠷ ᠤᠨ ᠮᠠᠰᠢᠨ | ᠬᠦᠷᠬᠡᠭᠰᠡᠨ ᠨᠢ ᠡᠨᠡ ᠠᠵᠢ᠃ ᠮᠠᠯᠴᠢᠨ ᠪᠠᠭᠠᠳᠤᠷ᠄ ︽ᠨᠠᠮ᠎ᠠ ᠶᠢ ᠬᠦᠴᠢᠷᠳᠡᠯᠳᠠᠢ ᠦᠶ᠎ᠡ ᠳᠤ ᠤᠯᠤᠰ ᠬᠡᠷ᠂ ᠨᠠᠮ ᠵᠠᠰᠠᠭ᠂ | ᠬᠠᠷᠢᠴᠠᠬᠰᠠᠨ ᠤᠳᠤᠷᠢᠳᠤᠯᠭ᠎ᠠ ᠠᠴᠠ ᠮᠠᠨᠠᠶᠢᠬᠢᠨ ᠢ ᠪᠠᠭ᠎ᠠ ᠪᠤᠰᠤ ᠲᠡᠮᠵᠢᠭᠰᠡᠨ᠂ ᠮᠦᠨᠴᠦ ᠠᠮᠢᠳᠤᠷᠠᠯ ᠤᠨ ᠡᠷᠴᠢ ᠵᠤᠷᠢᠭ | ᠤᠯᠭᠤᠬᠰᠠᠨ᠂ ᠤᠳᠤ ᠪᠠᠶ᠎ᠠ ᠭᠠᠶᠢᠭᠤᠢ᠂ ᠭᠠᠩᠨᠠᠭᠤᠷ ᠤᠨ ᠮᠠᠰᠢᠨ ᠢᠶᠠᠨ ᠠᠰᠢᠬᠯᠠᠨ ᠦᠪᠡᠷ ᠤᠨ ᠠᠵᠢᠯ ᠢᠶᠠᠨ ᠬᠢᠬᠦ ᠶᠢᠨ ᠬᠠᠮᠲᠦ | ᠪᠤᠰᠤᠳ ᠲᠤ ᠪᠠᠰᠡ ᠭᠠᠩᠨᠠᠭᠤᠷ ᠤᠨ ᠠᠵᠢᠯ ᠬᠢᠵᠦ᠂ ᠪᠠᠭ᠎ᠠ ᠴᠣ᠋ ᠬᠡᠰᠡᠨ ᠤᠷᠤᠯᠭ᠎ᠠ ᠤᠯᠬᠤ ᠰᠠᠨᠠᠭ᠎ᠠ ᠲᠠᠢ︾ ᠬᠡᠵᠦ | ᠪᠤᠳᠤᠯ ᠢᠶᠠᠨ ᠲᠠᠯᠭᠡᠨᠠ᠃ | ᠺᠠᠳ᠋ᠷ ᠮᠠᠯᠴᠢᠳ ᠦᠨᠡᠨ ᠰᠡᠳᠬᠢᠯ ᠠᠴᠠ ᠪᠠᠨ ᠬᠠᠮᠵᠢᠯᠴᠠᠵᠦ᠂ ᠬᠠᠷᠢᠯᠴᠠᠨ ᠦᠢᠯᠠᠭᠠᠯᠴᠠᠨ᠂ ᠰᠡᠳᠬᠢᠯ ᠨᠢᠭᠡᠳᠠᠢ | ᠴᠢᠷᠮᠠᠶᠢᠪᠠᠯ ᠶᠠᠳᠠᠭᠤ ᠡᠷᠦᠬᠡ ᠶᠢᠨ ᠠᠮᠢᠳᠤᠷᠠᠯ ᠦᠬᠡᠳᠡᠯᠡᠵᠦ ᠪᠠᠶᠠᠵᠢᠯ ᠤᠨ ᠵᠠᠮ ᠢᠶᠠᠷ ᠵᠠᠮᠨᠠᠬᠤ ᠨᠢ ᠯᠠᠪᠳᠠᠢ᠃ |