ᠣᠶᠢᠷ᠎ᠠ ᠶᠢᠨ ᠵᠢᠯ ᠳᠤ᠂ ᠬᠦᠪᠡᠭᠡᠲᠦ ᠰᠢᠷ᠎ᠠ ᠬᠤᠰᠢᠭᠤ ᠨᠢ ︽ᠶᠠᠭᠤ ᠳᠤᠳᠠᠪᠠᠯ ᠶᠠᠭᠤ ᠨᠦᠬᠦᠪᠦᠷᠢᠯᠡᠬᠦ︾ | ᠵᠠᠷᠴᠢᠮ ᠢᠶᠠᠷ᠂ ᠶᠠᠳᠠᠭᠤ ᠬᠦᠴᠢᠷᠳᠡᠯᠳᠡᠢ ᠡᠷᠦᠬᠡ ᠶᠢᠨ ᠰᠠᠭᠤᠷᠢ ᠲᠦᠬᠦᠭᠡᠷᠦᠮᠵᠢ ᠶᠢᠨ ᠪᠦᠳᠦᠭᠡᠨ ᠪᠠᠶᠢᠭᠤᠯᠤᠯᠲᠠ᠂ | ᠭᠠᠴᠠᠭᠠᠨ ᠤ ᠠᠵᠤ ᠦᠢᠯᠡᠰ ᠤᠨ ᠬᠦᠭᠵᠢᠯᠲᠡ ᠶᠢᠨ ᠰᠠᠭᠤᠷᠢ ᠨᠦᠬᠦᠴᠡᠯ ᠵᠡᠷᠭᠡ ᠪᠤᠳᠠᠳᠤ ᠪᠠᠶᠢᠳᠠᠯ ᠳᠤ ᠰᠠᠭᠤᠷᠢᠯᠠᠨ᠂ | ᠴᠦᠭᠡᠨ ᠲᠤᠭᠠᠳᠤ ᠦᠨᠳᠦᠰᠦᠳᠡᠨ ᠤ ᠬᠦᠭᠵᠢᠯᠲᠡ ᠶᠢᠨ ᠪᠡᠯᠡ ᠮᠦᠩᠭᠦ ᠶᠢᠨ ᠦᠷ᠎ᠡ ᠠᠰᠢᠭ ᠢ ᠬᠦᠢᠴᠡᠳ | ᠪᠠᠳᠠᠷᠠᠭᠤᠯᠵᠤ᠂ ᠠᠵᠤ ᠦᠢᠯᠡᠰ ᠤᠨ ᠬᠦᠭᠵᠢᠯᠲᠡ ᠶᠢᠨ ᠲᠥᠷᠦᠯ ᠵᠦᠢᠯ ᠢ ᠬᠡᠷᠡᠭᠵᠢᠬᠦᠯᠵᠦ᠂ ᠭᠠᠴᠠᠭᠠᠨ ᠤ | ᠬᠠᠮᠲᠤ ᠶᠢᠨ ᠠᠵᠤ ᠠᠬᠤᠢ ᠶᠢᠨ ᠪᠤᠳᠠᠳᠤ ᠬᠦᠴᠦᠨ ᠢ ᠲᠡᠭᠡᠭᠰᠢᠯᠡᠬᠦᠯᠵᠦ ᠪᠠᠶᠢᠨ᠎ᠠ᠃ | ᠲᠣᠰ ᠬᠤᠰᠢᠭᠤᠨ ᠤ 2020 ᠣᠨ ᠤ ᠨᠢᠭᠡᠳᠦᠭᠡᠷ ᠪᠦᠯᠦᠭ᠂ ᠬᠤᠶᠠᠳᠤᠭᠠᠷ ᠪᠦᠯᠦᠭ ᠴᠦᠬᠡᠨ ᠲᠤᠭᠠᠳᠤ | ᠦᠨᠳᠦᠰᠦᠳᠡᠨ ᠤ ᠬᠦᠭᠵᠢᠯᠲᠡ ᠶᠢᠨ ᠪᠡᠯᠡ ᠮᠦᠩᠭᠦᠨ ᠤ ᠲᠥᠷᠦᠯ ᠵᠦᠢᠯ ᠨᠢ 6 ᠭᠠᠴᠠᠭᠠᠨ ᠳᠤ ᠬᠤᠯᠪᠤᠭᠳᠠᠵᠤ᠂ | ᠭᠠᠴᠠᠭ᠎ᠠ ᠪᠦᠷᠢ ᠳᠤ 41.9 ᠲᠦᠮᠡᠨ ᠲᠦᠭᠦᠷᠢᠭ ᠤᠨ ᠥᠷᠲᠡᠭ ᠪᠦᠬᠦᠢ 10 ᠰᠠᠤᠷᠢ ᠮᠠᠰᠢᠨ ᠲᠦᠭᠦᠭᠡᠷᠦᠮᠵᠢ | ᠲᠠᠷᠬᠠᠭᠠᠬᠤ ᠪᠤᠯᠤᠨ᠎ᠠ᠃ ᠲᠤᠰ ᠲᠥᠷᠦᠯ ᠵᠦᠢᠯ ᠨᠢ ᠨᠢᠭᠡᠨᠲᠡ ᠬᠠᠮᠢᠭ᠎ᠠ ᠪᠦᠬᠦᠢ ᠬᠢᠨᠠᠨ ᠰᠢᠯᠭᠠᠯᠲᠠ ᠶᠢ | ᠦᠩᠭᠡᠷᠡᠭᠡᠭᠰᠡᠨ ᠪᠦᠭᠡᠳ ᠡᠯ᠎ᠡ ᠭᠠᠴᠠᠭᠠᠨ ᠳᠤ ᠰᠢᠯᠵᠢᠬᠦᠯᠦᠨ ᠲᠤᠰᠢᠶᠠᠵᠤ᠂ ᠳᠡᠷᠭᠡ ᠬᠥᠰᠬᠡ ᠪᠣᠯᠣᠨ ᠲᠤᠨᠤᠭ | ᠲᠦᠬᠦᠭᠡᠷᠦᠮᠵᠢ ᠶᠢ ᠰᠡᠯᠪᠢᠨ ᠵᠠᠰᠬᠠᠤ ᠪᠠ ᠠᠮᠤᠷ ᠲᠥᠪᠰᠢᠨ ᠤ ᠬᠠᠮᠢᠶᠠᠷᠤᠯᠲᠠ ᠶᠢ ᠴᠦᠮ ᠲᠥᠷᠦᠯ ᠵᠦᠢᠯ ᠤᠨ | ᠭᠠᠴᠠᠭ᠎ᠠ ᠬᠠᠷᠢᠭᠤᠴᠠᠨ᠎ᠠ᠃ ᠲᠥᠷᠦᠯ ᠵᠦᠢᠯ ᠢ ᠬᠡᠷᠡᠭᠵᠢᠬᠦᠯᠦᠭᠰᠡᠨ ᠤ ᠳᠠᠷᠠᠭ᠎ᠠ ᠡᠯ᠎ᠡ ᠭᠠᠴᠠᠭᠠᠨ ᠤ ᠵᠢᠯ ᠪᠦᠷᠢ ᠶᠢᠨ | ᠬᠠᠮᠲᠤ ᠶᠢᠨ ᠠᠵᠤ ᠠᠬᠤᠢ ᠶᠢᠨ ᠣᠷᠤᠯᠭ᠎ᠠ ᠨᠢ ᠬᠠᠮᠤᠭ ᠪᠠᠭ᠎ᠠ ᠳᠠᠭᠠᠨ 3.5 ᠲᠥᠮᠡᠨ ᠲᠥᠭᠦᠷᠢᠭ ᠲᠤ ᠬᠦᠷᠬᠦ | ᠪᠤᠯᠤᠨ᠎ᠠ᠃ 2020 ᠣᠨ ᠤ ᠭᠤᠷᠪᠠᠳᠤᠭᠠᠷ ᠪᠦᠯᠦᠭ ᠴᠦᠭᠡᠨ ᠲᠤᠭᠠᠳᠤ ᠦᠨᠳᠦᠰᠦᠳᠡᠨ ᠤ ᠬᠦᠭᠵᠢᠯᠲᠡ ᠶᠢᠨ ᠪᠡᠯᠡ | ᠮᠦᠩᠭᠦ ᠨᠢ ᠨᠡᠶᠢᠲᠡ 78.89 ᠲᠥᠮᠡᠨ ᠲᠥᠭᠦᠷᠢᠭ ᠪᠠᠶᠢᠵᠤ᠂ ᠡᠬᠦᠨ ᠢ ᠭᠤᠣᠯᠳᠠᠭᠤ ᠴᠠᠬᠠᠷ ᠬᠤᠨᠢᠨ ᠤ ᠠᠵᠤ | ᠦᠢᠯᠡᠰ ᠢ ᠳᠡᠳᠬᠦᠨ ᠳᠡᠮᠵᠢᠬᠦ ᠳᠤ ᠬᠡᠷᠡᠭᠯᠡᠵᠦ᠂ 3 ᠭᠠᠴᠠᠭᠠᠨ ᠳᠤ ᠬᠤᠯᠪᠣᠭᠳᠠᠨ᠎ᠠ᠃ ᠤᠳᠤᠬᠠᠨ ᠭᠠᠴᠠᠭ᠎ᠠ | ᠪᠣᠯᠭᠠᠨ ᠳᠤ 112 ᠲᠣᠯᠣᠭᠠᠢ ᠴᠠᠬᠠᠷ ᠡᠬᠦᠯᠳᠡᠷ ᠤᠨ ᠪᠡᠯᠡᠳᠭᠡᠯ ᠡᠬᠡ ᠮᠠᠯ ᠥᠭᠴᠡᠢ᠃ |