︽ᠬᠥᠳᠡᠯᠮᠤᠷᠢ ᠬᠥᠮᠥᠨ ᠢ ᠭᠤᠮᠤᠳᠠᠭᠠᠳᠠᠭ ᠥᠭᠡᠢ︾ ᠭᠡᠳᠡᠭ ᠢᠶᠠᠷ ᠬᠥᠮᠥᠨ ᠤ ᠥᠪᠡᠷ ᠤᠨ ᠨᠤᠳᠤᠭ ᠢᠶᠠᠷ ᠬᠥᠯᠥᠰᠤᠨ | ᠠᠵᠢᠯ ᠬᠢᠵᠤ᠂ ᠬᠥᠳᠡᠯᠮᠥᠷᠢ ᠶᠢᠨ ᠰᠠᠶᠢᠬᠠᠨ ᠬᠥᠯᠥᠰᠤᠨ ᠳᠤᠰᠤᠯ ᠢᠶᠠᠷ ᠢᠶᠠᠨ ᠬᠥᠯᠵᠢᠬᠦ ᠠᠮᠢᠳᠤᠷᠠᠯ ᠢᠶᠠᠨ ᠴᠤᠭᠴᠠᠯᠠᠵᠤ | ᠶᠠᠪᠤᠭ᠎ᠠ ᠬᠥᠪᠡᠭᠡᠳᠤ ᠰᠢᠷ᠎ᠠ ᠬᠤᠰᠢᠭᠤᠨ ᠤ ᠤᠩᠭᠤᠬᠠᠭᠤᠯᠠ ᠰᠤᠮᠤᠨ ᠤ ᠳᠠᠰᠭᠢᠳᠤ ᠭᠠᠴᠠᠭ᠎ᠠ ᠪᠠᠷ ᠨᠤᠳᠤᠭ ᠲᠠᠢ ᠤᠬᠠᠭᠠᠨ | ᠰᠡᠷᠬᠦᠯᠡᠩ᠂ ᠳᠡᠷᠢᠬᠢ ᠬᠥᠩᠭᠡᠨ ᠨᠢᠭᠡᠨ ᠮᠠᠯᠴᠢᠨ ᠵᠠᠯᠠᠭᠤ ᠶᠢ ᠠᠷᠢᠭᠤᠨᠪᠠᠶᠠᠷ ᠭᠡᠳᠡᠭ᠃ | ᠠᠷᠢᠭᠤᠨᠪᠠᠶᠠᠷ 2006 ᠤᠨ ᠳᠤ ᠠᠶᠢᠯ ᠭᠡᠷ ᠤᠨ ᠠᠮᠢᠳᠤᠷᠠᠯ ᠤᠨ ᠬᠥᠴᠢᠷᠳᠡᠯ ᠠᠴᠠ ᠪᠤᠯᠵᠤ᠂ ᠠᠩᠬ᠎ᠠ ᠳᠤᠮᠳᠠ ᠪᠠᠨ | ᠳᠠᠬᠦᠰᠥᠮᠡᠭᠴᠡ ᠠᠷᠤ ᠭᠡᠷ ᠲᠡᠭᠡᠨ ᠬᠠᠷᠢᠵᠤ ᠠᠪᠤ ᠡᠵᠢ ᠳᠡᠭᠡᠨ ᠳᠤᠰᠠ ᠳᠠᠮ ᠪᠤᠯᠵᠤ᠂ ᠠᠳᠤᠭᠤ ᠮᠠᠯ ᠬᠠᠷᠢᠭᠤᠯᠤᠨ ᠠᠵᠢᠯ | ᠬᠥᠳᠡᠯᠮᠤᠷᠢ ᠳᠤ ᠳᠠᠪᠳᠠᠭᠳᠠᠵᠤ ᠶᠠᠪᠤᠵᠠᠢ᠃ ᠭᠡᠳᠡᠯ᠎ᠠ ᠤᠢᠢᠷ᠎ᠠ ᠶᠢᠨ ᠵᠢᠯ ᠤᠨ ᠭᠠᠩ ᠭᠠᠴᠢᠬ᠂ ᠭᠠᠮᠰᠢᠭ ᠵᠤᠳ ᠲᠤ ᠰᠠᠭᠤᠷᠢ | ᠨᠢᠮᠭᠡᠨ ᠪᠠᠯᠡᠳᠭᠡᠯ ᠳᠥᠬᠦᠭᠡᠷᠤᠮᠵᠢ ᠠᠨᠠᠢ ᠡᠳᠡᠨ ᠤ ᠬᠢᠨ ᠤ ᠮᠠᠯ ᠠᠬᠤᠢ ᠶᠡᠭᠡᠪᠡᠷ ᠨᠥᠯᠥᠭᠡᠯᠡᠭᠳᠡᠵᠦ᠂ ᠮᠠᠯ ᠤᠨ ᠳᠤᠭ᠎ᠠ | ᠳᠤᠯᠤᠭᠠᠢ ᠨᠢ ᠴᠥᠭᠡᠷᠡᠨ᠂ ᠵᠢᠯ ᠤᠨ ᠤᠷᠤᠯᠭ᠎ᠠ ᠨᠢ ᠵᠠᠷᠤᠯᠭ᠎ᠠ ᠳᠠᠭᠠᠨ ᠬᠥᠷᠬᠦ ᠥᠭᠡᠢ ᠪᠤᠯᠪᠠ᠃ ᠡᠨᠡ ᠬᠦ ᠪᠠᠶᠢᠳᠠᠯ ᠳᠤᠤᠷ᠎ᠠ | ᠳᠡᠷᠡ ᠭᠠᠭᠴᠠ ᠮᠠᠯᠵᠢᠯ ᠤᠨ ᠤᠷᠤᠯᠭ᠎ᠠ ᠶᠢ ᠳᠥᠰᠢᠭᠯᠡᠭᠡᠳ ᠪᠤᠯᠬᠤ ᠥᠭᠡᠢ᠂ ᠭᠠᠳᠠᠭᠰᠢ ᠭᠠᠷᠴᠤ ᠮᠠᠯᠵᠢᠯ ᠤᠨ ᠪᠤᠰᠤ | ᠤᠷᠤᠯᠭ᠎ᠠ ᠡᠬᠦᠳᠴᠤ ᠠᠮᠢᠳᠤᠷᠠᠯ ᠢᠶᠠᠨ ᠪᠤᠰᠬᠠᠶ᠎ᠠ ᠭᠡᠬᠦ ᠪᠤᠳᠤᠯ ᠤᠷᠭᠤᠵᠠᠢ᠃ | ᠢᠩᠭᠢᠭᠡᠳ 2010 ᠤᠨ ᠳᠤ ᠭᠤᠴᠢᠭᠠᠳ ᠥᠭᠡᠷ᠂ ᠵᠢᠷᠠᠭᠠᠳ ᠬᠤᠨᠢ ᠪᠠᠨ ᠪᠤᠰᠤᠳ ᠲᠤ ᠳᠠᠭᠠᠭᠠᠴᠢᠯᠠᠭᠤᠯᠤᠨ | ᠥᠭᠴᠤ᠂ 2000 ᠭᠠᠷᠤᠢ ᠮᠥ ᠪᠡᠯᠴᠢᠭᠡᠷ ᠢᠶᠠᠨ ᠳᠠᠭᠠᠭᠠᠴᠠ ᠳᠤᠨᠢ ᠳᠤᠬᠢᠷᠠᠭᠤᠯᠤᠨ ᠮᠠᠯ ᠮᠠᠯᠵᠢᠭᠤᠯᠬᠤ ᠪᠠᠷ ᠵᠡᠷᠭᠡᠯᠡᠳᠡᠭᠡ | ᠡᠷᠤᠭᠡ ᠳᠡᠭᠡᠨ ᠵᠢᠯ ᠤᠨ 2 ᠳᠥᠮᠡᠨ ᠳᠥᠬᠦᠷᠢᠭ ᠢᠶᠠᠷ ᠳᠥᠷᠢᠶᠡᠰᠤᠯᠡᠨ ᠥᠭᠴᠤ᠂ ᠠᠪᠤ ᠡᠵᠢ ᠬᠥᠤ ᠲᠠᠢ ᠪᠠᠨ ᠳᠥᠷᠪᠡᠬᠦᠯᠠ | ᠬᠤᠰᠢᠭᠤᠨ ᠳᠥᠪ ᠰᠢᠨᠠᠪᠤᠯᠠᠭ ᠪᠠᠯᠭᠠᠰᠤᠨ ᠳᠡᠭᠡᠷ᠎ᠠ ᠢᠷᠡᠵᠤ᠂ ᠮᠤᠲ᠋ᠤᠷ ᠳᠡᠷᠭᠡ ᠰᠠᠯᠪᠢᠨ ᠵᠠᠰᠠᠬᠤ ᠠᠵᠢᠯ ᠢᠶᠠᠨ ᠬᠢᠵᠤ | ᠡᠬᠢᠯᠡᠪᠡ᠃ | ᠥᠷᠢᠰᠥᠯᠳᠥᠭᠡᠨ ᠶᠡᠭᠡᠳᠡᠢ ᠬᠤᠳᠠ ᠶᠢᠨ ᠵᠡᠬᠡᠯᠢ ᠳᠤ ᠬᠥᠮᠥᠨ ᠤ ᠴᠢᠷᠡᠢ ᠬᠠᠷᠠᠵᠤ ᠵᠤᠭᠤᠰ ᠤᠯᠬᠤ ᠨᠢ ᠳᠠᠶᠢᠮᠤ ᠴᠤ | ᠠᠮᠠᠷ ᠠᠵᠢᠯ ᠪᠢᠰᠢ ᠪᠤᠯᠬᠤᠷ ᠲᠡᠷᠡ ᠳᠡᠬᠢᠨ ᠠᠷᠭ᠎ᠠ ᠪᠥᠬᠦᠨ ᠢ ᠰᠥᠪᠡᠭᠴᠢᠯᠡᠨ ᠵᠤᠷᠢᠭ ᠢᠶᠠᠨ ᠡᠷᠴᠢᠯᠡᠵᠤ᠂ 2012 | ᠤᠨ ᠳᠤ ᠥᠪᠡᠷ ᠤᠨ ᠳᠤᠷ᠎ᠠ ᠪᠠᠬ᠎ᠠ ᠲᠠᠢ ᠵᠥᠢᠯᠡᠰ ᠢᠶᠠᠨ ᠬᠢᠬᠦ ᠪᠠᠷ ᠵᠤᠷᠢᠭ ᠰᠢᠭᠤᠳᠴᠤ᠂ ᠭᠡᠷ ᠪᠠᠶᠢᠰᠢᠩ ᠪᠠᠷᠢᠬᠤ᠂ ᠭᠠᠵᠠᠷ | ᠳᠡᠪᠢᠰᠬᠦ᠂ ᠮᠠᠯ ᠤᠨ ᠬᠤᠷᠢᠶ᠎ᠠ ᠬᠠᠰᠢᠶ᠎ᠠ᠂ ᠫᠧᠩ ᠰᠠᠷᠠᠪᠴᠢ ᠪᠠᠷᠢᠬᠤ ᠪᠠ ᠥᠩᠭᠡᠳᠤ ᠳᠡᠮᠦᠷᠯᠢᠭ ᠤᠨ ᠬᠠᠪᠳᠠᠰᠤ ᠪᠠᠷ ᠰᠢᠨ᠎ᠠ | ᠮᠠᠶ᠋ᠢᠬ ᠤᠨ ᠭᠡᠷ ᠪᠠᠶᠢᠰᠢᠩ ᠪᠠᠷᠢᠬᠤ᠂ ᠨᠠᠮᠤᠷ ᠲᠠᠭᠠᠨ ᠡᠪᠡᠰᠤ ᠬᠠᠳᠤᠵᠤ ᠬᠠᠮᠤᠵᠤ ᠪᠤᠭᠤᠵᠢᠯᠠᠬᠤ ᠵᠡᠷᠭᠡ ᠠᠵᠢᠯ ᠤᠳ ᠢ | ᠬᠥᠨᠳᠤ ᠭᠡᠮᠡᠨ ᠬᠠᠯᠠᠰᠢᠷᠠᠯ ᠥᠭᠡᠢ ᠬᠢᠵᠤ ᠶᠠᠪᠤᠵᠠᠢ᠃ ᠳᠡᠷᠡ ᠪᠥᠬᠦ ᠠᠶᠢᠮᠠᠭ ᠤᠨ ᠡᠯ᠎ᠠ ᠬᠤᠰᠢᠭᠤᠳ ᠢᠶᠠᠷ ᠬᠥᠷᠴᠤ | ᠳᠠᠭᠠᠭᠠᠴᠢᠯᠠᠭᠰᠠᠨ ᠠᠵᠢᠯ ᠢᠶᠠᠨ ᠬᠢᠯᠠᠷᠠᠳᠠᠯ᠎ᠠ ᠪᠠᠶᠠᠯᠡᠬᠦᠯᠵᠤ᠂ ᠬᠥᠳᠡᠭᠡ ᠶᠢᠨ ᠮᠠᠯᠴᠢᠨ ᠳᠥᠮᠡᠨ ᠳᠡᠭᠡᠨ ᠰᠢᠯᠢᠳᠡᠭ | ᠥᠢᠯᠡᠴᠢᠯᠡᠭᠡ ᠬᠠᠩᠭᠠᠭᠰᠠᠭᠠᠷ ᠢᠷᠡᠭᠰᠡᠨ ᠪᠥᠭᠡᠳ ᠤᠯᠠᠨ ᠵᠢᠯ ᠤᠨ ᠰᠢᠷᠭᠠᠭᠤ ᠬᠠᠳᠠᠭᠤᠵᠢᠯᠳᠠᠢ ᠴᠢᠷᠮᠠᠶᠢᠯᠭ᠎ᠠ ᠪᠠ ᠥᠨᠡᠨᠴᠢ | ᠢᠳᠡᠭᠡᠮᠵᠢ ᠲᠠᠢ ᠥᠢᠯᠡᠴᠢᠯᠡᠭᠡ ᠪᠠᠷ ᠢᠶᠠᠨ ᠠᠵᠤ ᠠᠮᠢᠳᠤᠷᠠᠯ ᠢᠶᠠᠨ ᠤᠯᠠᠮ ᠥᠩᠭᠡ ᠲᠠᠢ ᠥᠭᠡᠳᠡ ᠲᠠᠢ ᠳᠡᠳᠡᠵᠤ ᠶᠠᠪᠤᠨ᠎ᠠ᠃ | ᠤᠳᠤ ᠠᠷᠢᠭᠤᠨᠪᠠᠶᠠᠷ ᠮᠠᠨᠢ ᠥᠩᠭᠡᠳᠤ ᠳᠡᠮᠦᠷᠯᠢᠭ ᠤᠨ ᠬᠠᠪᠳᠠᠰᠤ ᠪᠠᠷ ᠰᠢᠨ᠎ᠠ ᠮᠠᠶ᠋ᠢᠬ ᠤᠨ ᠭᠡᠷ ᠪᠠᠷᠢᠯᠭ᠎ᠠ ᠵᠢᠷᠤᠵᠦ | ᠲᠦᠰᠦᠪᠯᠡᠨ ᠪᠠᠷᠢᠬᠤ ᠠᠵᠢᠯ ᠳᠠᠭᠠᠨ ᠴᠠᠭᠠᠷᠠᠭᠰᠠᠨ ᠭᠠᠷ ᠪᠤᠯᠵᠤ᠂ ᠵᠢᠯ ᠤᠨ 10 ᠭᠠᠷᠤᠢ ᠳᠥᠮᠡᠨ ᠳᠥᠬᠦᠷᠢᠭ ᠤᠨ | ᠮᠠᠯᠵᠢᠯ ᠤᠨ ᠪᠤᠰᠤ ᠤᠷᠤᠯᠭ᠎ᠠ ᠡᠬᠦᠳᠴᠤ᠂ ᠬᠥᠳᠡᠭᠡ ᠶᠢᠨ ᠤᠯᠠᠨ ᠮᠠᠯᠴᠢᠨ ᠵᠠᠯᠠᠭᠤᠰ᠂ ᠳᠡᠬᠦᠤᠨᠠᠷ ᠲᠡᠭᠡᠨ ᠭᠡᠪ ᠳᠠᠭᠤᠷᠢᠶᠠᠯ | ᠪᠤᠯᠵᠤ᠂ ᠬᠥᠳᠡᠯᠮᠤᠷᠢ ᠶᠢᠨ ᠰᠠᠶᠢᠬᠠᠨ ᠬᠥᠯᠥᠰᠤᠨ ᠳᠤᠰᠤᠯ ᠢᠶᠠᠷ ᠢᠶᠠᠨ ᠬᠥᠯᠵᠢᠬᠦ ᠠᠮᠢᠳᠤᠷᠠᠯ ᠢᠶᠠᠨ ᠴᠤᠭᠴᠠᠯᠠᠵᠤ ᠶᠠᠪᠤᠨ᠎ᠠ᠃ | | | |
|