ᠨᠣᠮᠢᠨ ᠨᠤᠭᠤᠭᠠᠨ ᠬᠦᠰᠡᠯ
ᠨᠡᠶᠢᠲᠡᠯᠡᠭᠰᠡᠨ ᠴᠠᠭ᠄
2020-07-23
     ᠡᠨᠡ ᠵᠢᠯ 78 ᠨᠠᠰᠤᠲᠠᠢ ᠯᠣᠪᠰᠠᠩᠫᠧᠷᠯᠠᠢ ᠨᠠᠰᠤᠲᠠᠨ ᠪᠣᠯ ᠬᠦᠪᠡᠭᠡᠲᠦ ᠰᠢᠷ᠎ᠠ ᠬᠤᠰᠢᠭᠤᠨ ᠤ ᠣᠩᠭᠤᠨᠠᠭᠤᠯ᠎ᠠ ᠠᠭᠤᠯᠠ ᠰᠣᠮᠣᠨ ᠤ ᠪᠣᠷᠣ ᠬᠤᠵᠢᠷ ᠭᠠᠴᠠᠭᠠᠨ ᠳᠤ ᠤᠳᠠᠭᠠᠨ ᠵᠢᠯ ᠤᠳᠤᠷᠢᠳᠬᠤ ᠠᠵᠢᠯ ᠬᠢᠵᠣ ᠢᠷᠡᠭᠰᠡᠨ ᠨᠡᠷ᠎ᠡ ᠨᠦᠯᠦᠭᠡ  ᠲᠠᠢ ᠠᠬᠠᠮᠠᠳ ᠪᠤᠭᠤᠷᠤᠯ ᠤᠨ ᠨᠢᠭᠡ ᠪᠣᠯᠬᠤ ᠶᠤᠮ᠃ ᠮᠤᠩᠭᠤᠯᠴᠤᠳ ᠶᠡᠷᠦᠨᠢ ︽ᠡᠴᠢᠭᠡ ᠲᠡᠭᠷᠢ ᠡᠬᠡ ᠭᠠᠵᠠᠷ︾ ᠭᠡᠮᠡᠨ᠂ ᠡᠬᠡ ᠪᠠᠶᠢᠭᠠᠯᠢ ᠪᠠᠨ ᠬᠠᠶᠢᠷᠠᠯᠠᠬᠤ ᠠᠮᠢ ᠠᠬᠤᠶᠢᠴᠢ ᠦᠵᠡᠯᠲᠡ ᠪᠠᠷ ᠲᠤᠶᠢᠯ ᠤᠨ ᠴᠢᠩᠭ᠎ᠠ ᠪᠠᠶᠢᠵᠤ᠂ ᠦᠯᠦᠭᠡᠢ ᠨᠤᠲᠤᠭ ᠤᠨ ᠢᠶᠠᠨ ᠠᠳᠬᠤ ᠰᠢᠷᠤᠢ᠂ ᠰᠢᠷᠬᠡᠭ ᠡᠪᠡᠰᠦ᠂ ᠳᠤᠰᠤᠯ ᠤᠰᠤ᠂ ᠮᠦᠬᠦᠯᠢᠭ ᠴᠢᠯᠠᠭᠤᠨ ᠳᠠᠭᠠᠨ ᠬᠦᠷᠲᠡᠯ᠎ᠡ ᠡᠯᠢᠭᠡ ᠵᠢᠷᠦᠬᠡᠨ ᠤ ᠠᠮᠢᠨ ᠬᠠᠶᠢᠷ᠎ᠠ ᠪᠠᠨ ᠢᠪᠢᠯᠭᠡᠵᠦ᠂ ᠡᠬᠡ ᠦᠷ᠎ᠡ ᠶᠢᠨ ᠪᠠᠷᠢᠯᠳᠤᠯᠭ᠎ᠠ ᠲᠠᠢ ᠶᠤᠮ ᠰᠢᠭ ᠮᠦᠩᠭᠡ ᠲᠡᠭᠷᠢ ᠳᠡᠭᠡᠨ ᠲᠠᠭᠠᠳᠬᠠᠨ᠂ ᠣᠪᠣᠭ᠎ᠠ ᠬᠠᠶᠢᠷᠬᠠᠨ ᠪᠤᠯᠠᠭ ᠤᠰᠤ ᠪᠠᠨ ᠲᠠᠬᠢᠬᠤ ᠡᠷᠲᠡ ᠲᠡᠭᠡᠳᠦ ᠶᠢᠨ ᠤᠯᠠᠮᠵᠢᠯᠠᠯᠲᠤ ᠶᠤᠰᠤ ᠵᠠᠩᠰᠢᠯ ᠤᠨ ᠥᠪ ᠰᠤᠶᠤᠯ ᠲᠠᠢ ᠪᠢᠯᠡ᠃ ᠯᠤᠪᠰᠠᠩᠫᠧᠷᠯᠠᠢ ᠨᠠᠰᠤᠲᠠᠨ ᠭᠤᠸᠠᠢ 60 ᠵᠢᠯ ᠤᠨ ᠡᠮᠦᠨ᠎ᠡ ᠲᠠᠷᠤᠢ ᠭᠠᠯ ᠵᠠᠯᠠᠭᠤ 18 ᠨᠠᠰᠤᠲᠠᠢ ᠳᠠᠭᠠᠨ ᠡᠨᠡ ᠨᠤᠲᠤᠭ ᠲᠤ ᠨᠤᠲᠤᠭᠯᠠᠵᠤ ᠤᠷᠳᠤ ᠨᠢᠭᠡᠨᠲᠡ ᠲᠥᠷᠪᠡᠨ ᠦᠶ᠎ᠡ ᠪᠠᠨ ᠦᠵᠡᠵᠦ ᠵᠢᠷᠭᠠᠯᠲᠠᠢ ᠠᠮᠢᠳᠤᠷᠠᠨ᠎ᠠ᠃      ᠨᠠᠰᠤᠲᠠᠨ ᠨᠤᠲᠤᠭ ᠤᠰᠤᠨ ᠳᠠᠭᠠᠨ ᠮᠠᠰᠢ ᠬᠠᠶᠢᠷᠠᠲᠠᠢ ᠪᠠᠶᠢᠵᠤ᠂ ᠭᠡᠷ ᠤᠨ ᠪᠠᠷᠠᠭᠤᠨ ᠡᠮᠦᠨᠡᠬᠢ ᠤᠷᠤᠰᠬᠠᠯ ᠳᠠᠭᠠᠭᠰᠠᠨ ᠬᠠᠮᠲᠤ ᠨᠡᠶᠢᠲᠡ ᠪᠠᠷ ᠪᠠᠶᠢᠬᠤ ᠦᠶ᠎ᠡ ᠳᠤ ᠲᠠᠷᠢᠵᠤ ᠣᠶᠢᠵᠢᠭᠤᠯᠤᠭᠰᠠᠨ ᠮᠤᠳᠤᠨ ᠤ ᠬᠦᠷᠢᠶ᠎ᠡ ᠪᠠᠨ ᠬᠠᠷᠠᠵᠤ ᠬᠠᠮᠠᠭᠠᠯᠠᠬᠤ ᠠᠵᠢᠯ ᠢ ᠪᠡᠶ᠎ᠡ ᠪᠠᠷ ᠢᠶᠠᠨ ᠬᠡᠪ ᠲᠥᠷᠢᠮ ᠪᠣᠯᠵᠤ ᠰᠠᠶᠢᠲᠤᠷ ᠬᠢᠵᠤ ᠢᠷᠡᠭᠰᠡᠨ ᠪᠠᠶᠢᠨ᠎ᠠ᠃ ᠤᠷᠳᠤ ᠪᠣᠯᠬᠤ ᠳᠤ ᠬᠦᠦ ᠰᠣᠳᠤ ᠨᠢ ᠴᠤ ᠠᠪᠤ ᠶᠢᠨ ᠢᠶᠠᠨ ᠦᠢᠯᠡᠰ ᠢ ᠵᠠᠯᠭᠠᠮᠵᠢᠯᠠᠨ ᠠᠪᠤᠭᠰᠠᠨ ᠤ ᠬᠠᠮᠲᠤ ᠣᠷᠴᠢᠮ ᠤᠨ ᠬᠤᠷᠢ ᠭᠠᠷᠤᠢ ᠵᠢᠯ ᠤᠨ ᠬᠤᠭᠤᠴᠠᠭᠠᠨ ᠳᠤ ᠵᠢᠯ ᠪᠦᠷᠢ ᠶᠢᠨ ᠬᠠᠪᠤᠷ ᠨᠠᠮᠤᠷ ᠤᠨ ᠤᠯᠠᠷᠢᠯ ᠳᠤ ᠪᠠᠭ᠎ᠠ ᠯᠠ ᠴᠢᠯᠦᠭᠡ ᠭᠠᠷᠪᠠᠯ᠂ ᠮᠤᠳᠤ ᠪᠤᠷᠭᠠᠰᠤ ᠨᠡᠮᠡᠵᠦ ᠲᠠᠷᠢᠬᠤ ᠠᠵᠢᠯ ᠢ ᠬᠢᠵᠤ᠂ ᠣᠶᠢᠵᠢᠭᠤᠯᠤᠯᠲᠠ ᠶᠢᠨ ᠬᠡᠪᠴᠢᠶ᠎ᠡ ᠪᠠᠨ ᠦᠷᠭᠡᠳᠭᠡᠭᠰᠡᠨ ᠢᠶᠠᠷ ᠪᠠᠷᠠᠬᠤ ᠦᠭᠡᠢ ᠣᠣᠯ ᠤᠨ ᠮᠣᠳᠤ ᠪᠣᠷᠭᠠᠰᠤ ᠶᠢ ᠴᠤ ᠰᠠᠶᠢᠲᠤᠷ ᠬᠠᠮᠠᠭᠠᠯᠠᠵᠤ᠂ ᠠᠮᠢ ᠠᠬᠤᠢ ᠣᠷᠴᠢᠨ ᠲᠤᠭᠤᠷᠢᠨ ᠢᠶᠠᠨ ᠬᠠᠮᠠᠭᠠᠯᠠᠬᠤ ᠶᠢ ᠠᠵᠢᠯ ᠦᠢᠯᠡᠰ ᠤᠨ ᠢᠶᠠᠨ ᠲᠤᠳᠠᠭᠳᠠᠵᠤ ᠪᠤᠯᠤᠰᠢ ᠦᠭᠡᠢ ᠨᠢᠭᠡᠨ ᠬᠡᠰᠡᠭ ᠪᠣᠯᠭᠠᠵᠤ ᠢᠷᠡᠭᠰᠡᠨ ᠪᠠᠶᠢᠳᠠᠭ᠃ᠨᠠᠰᠤᠲᠠᠨ ᠭᠤᠸᠠᠢ ᠴᠤ ᠬᠡᠦᠬᠡᠳ ᠠᠴᠢᠨᠠᠷ ᠲᠤ ᠪᠠᠨ ᠲᠡᠭᠡᠳᠦᠰ ᠠᠴᠠ ᠥᠪᠯᠡᠵᠦ ᠢᠷᠡᠭᠰᠡᠨ ᠲᠠᠷᠬᠠᠨ ᠨᠤᠲᠤᠭ ᠲᠠᠭᠠᠨ ᠡᠵᠡᠨ ᠰᠠᠭᠤᠵᠤ᠂ ᠥᠰᠴᠦ ᠲᠦᠷᠦᠭᠰᠡᠨ ᠦᠯᠦᠭᠡᠢ ᠨᠤᠲᠤᠭ ᠲᠠᠭᠠᠨ ᠰᠢᠳᠤᠨ᠂ ᠰᠡᠳᠬᠢᠯ ᠤᠨ ᠠᠷᠢᠭᠤᠨ ᠬᠠᠶᠢᠷ᠎ᠠ ᠪᠠᠷ ᠬᠠᠨᠳᠤᠨ᠂ ᠨᠤᠲᠤᠭ ᠤᠰᠤ ᠪᠠᠨ ᠨᠤᠭᠤᠭᠠᠷᠠᠭᠤᠯᠬᠤ ᠠᠵᠢᠯ ᠢ ᠦᠶ᠎ᠡ ᠶᠢᠨ ᠦᠶ᠎ᠡ ᠳᠡᠭᠡᠨ ᠮᠦᠩᠭᠡ ᠰᠠᠶᠢᠨ ᠬᠢᠬᠦ ᠡᠷᠴᠢ ᠬᠦᠴᠦ ᠶᠢ ᠨᠢ ᠳᠠᠶᠢᠴᠢᠯᠠᠬᠤ ᠶᠢᠨ ᠲᠤᠰᠠᠳᠠ᠂ ᠪᠡᠶ᠎ᠡ ᠲᠡᠩᠭᠡᠯᠡᠬᠦᠨ ᠪᠢᠯᠢᠭ ᠰᠠᠷᠠᠭᠤᠯ ᠪᠠᠶᠢᠬᠤ ᠳᠠᠭᠠᠨ ᠬᠦᠰᠡᠯ ᠱᠠᠭᠠᠷᠳᠠᠯᠭ᠎ᠠ ᠪᠠᠨ ᠲᠠᠯᠪᠢᠬᠤ ᠪᠠᠷ ᠡᠨᠡ ᠨᠤᠲᠤᠭ ᠲᠤ ᠨᠤᠲᠤᠭᠯᠠᠨ ᠰᠠᠭᠤᠷᠢᠰᠢᠭᠰᠠᠨ 60 ᠵᠢᠯ ᠤᠨ ᠣᠢ ᠳᠠᠭᠠᠨ ᠵᠤᠷᠢᠭᠤᠯᠵᠤ᠂ ︽ᠪᠣᠷᠣ ᠬᠤᠵᠢᠷ ᠤᠨ ᠨᠠᠭᠤᠷ ᠮᠠᠨᠢ ᠬᠦᠢᠰᠦ ᠠᠴᠠ ᠴᠢᠨᠢ ᠠᠮᠢᠳᠤ ᠪᠤᠯᠠᠭ ᠣᠷᠭᠢᠯᠤᠨ᠂ ᠬᠡᠪᠡᠯᠢ ᠴᠢᠨᠢ ᠭᠡᠵᠢᠶᠡᠳᠡ ᠪᠢᠯᠬᠠᠮ᠎ᠠ ᠪᠠᠶᠢᠵᠤ ᠴᠡᠩᠭᠡᠭ ᠤᠰᠤ ᠴᠡᠪᠡᠷ ᠠᠭᠠᠷ ᠢᠶᠠᠷ ᠢᠶᠠᠨ ᠨᠤᠲᠤᠭ ᠤᠨ ᠬᠦᠮᠦᠨ ᠠᠷᠠᠳ ᠢᠶᠠᠨ ᠦᠶ᠎ᠡ ᠶᠢᠨ ᠦᠶ᠎ᠡ ᠳᠤ ᠢᠪᠡᠭᠡᠵᠤ ᠪᠠᠶᠢᠭᠠᠷᠠᠢ︕︾ ᠬᠡᠮᠡᠬᠦ ᠴᠢᠯᠠᠭᠤᠨ ᠪᠢᠴᠢᠭ ᠢᠶᠠᠷ ᠢᠯᠡᠷᠭᠡᠶᠢᠯᠡᠭᠰᠡᠨ ᠰᠡᠳᠬᠢᠯ ᠤᠨ ᠦᠭᠡ ᠪᠠᠨ ᠬᠦᠰᠡᠯ ᠵᠦᠩᠨᠡᠯ ᠤᠨ ᠢᠷᠦᠭᠡᠯ ᠪᠡᠯᠭᠡᠳᠡᠯ ᠪᠣᠯᠭᠠᠨ᠂ ᠪᠣᠷᠤ ᠬᠤᠵᠢᠷ ᠤᠨ ᠨᠠᠭᠤᠷ ᠤᠨ ᠢᠶᠠᠨ ᠵᠡᠬᠦᠨ ᠰᠢᠷᠡᠭᠡ ︵ᠬᠦᠲᠦᠯ︶ ᠲᠡᠭᠡᠷ᠎ᠡ ᠪᠣᠰᠬᠠᠭᠰᠠᠨ ᠨᠢ ᠴᠠᠭᠠᠨ ᠬᠤᠯᠤᠭᠠᠨ᠎ᠠ ᠵᠢᠯ ᠤᠨ ᠲᠠᠪᠤᠨ ᠰᠠᠷ᠎ᠠ ᠶᠢᠨ ᠬᠤᠷᠢᠨ ᠲᠠᠪᠤᠨ ᠤ ᠤᠴᠢᠷ ᠪᠠᠶᠢᠯ᠎ᠠ᠃       ᠠᠪᠤ ᠶᠢᠨ ᠢᠶᠠᠨ ᠨᠤᠲᠤᠭ ᠤᠰᠤ ᠪᠠᠨ ᠭᠡᠰᠡᠨ ᠠᠷᠢᠭᠤᠨ ᠪᠣᠳᠣᠯ ᠢ ᠦᠷ᠎ᠡ ᠠᠴᠢᠨᠠᠷ ᠨᠢ ᠴᠤ ᠰᠡᠳᠬᠢᠯ ᠤᠨ ᠬᠦᠨᠳᠦ ᠠᠴᠠ ᠪᠠᠨ ᠪᠢᠰᠢᠷᠡᠵᠦ᠂ ᠬᠦᠦ ᠰᠣᠳᠣ ᠨᠢ ᠠᠪᠤ ᠶᠢᠨ ᠢᠶᠠᠨ ᠦᠢᠯᠡᠰ ᠢ ᠵᠠᠯᠭᠠᠮᠵᠢᠯᠠᠵᠤ ᠮᠤᠳᠤᠨ ᠤ ᠬᠦᠷᠢᠶ᠎ᠡ ᠪᠠᠨ ᠬᠠᠷᠠᠵᠤ ᠦᠷᠭᠡᠳᠬᠡᠬᠦ ᠠᠵᠢᠯ ᠢ ᠶᠠᠪᠤᠭᠳᠠᠭᠤᠯᠵᠤ ᠪᠠᠶᠢᠬᠤ ᠳᠤ ᠤᠷᠳᠤ ᠣᠮᠪᠤᠯᠤ ᠪᠠᠳᠤᠳᠤᠯᠭ᠎ᠠ ᠨᠢ ᠡᠪᠦᠭᠡ ᠪᠣᠯᠣᠨ ᠠᠪᠤ ᠶᠢᠨ ᠢᠶᠠᠨ ᠰᠤᠷᠭᠠᠯ ᠬᠦᠮᠦᠵᠢᠯ ᠳᠤᠤᠷ᠎ᠠ ᠮᠤᠳᠤ ᠲᠠᠷᠢᠵᠤ ᠨᠤᠲᠤᠭ ᠤᠰᠤ ᠪᠠᠨ ᠨᠤᠭᠤᠭᠠᠷᠠᠭᠤᠯᠬᠤ ᠲᠠᠷᠬᠠᠨ ᠡᠭᠦᠷᠭᠡ ᠶᠢ ᠡᠬᠦᠷᠭᠡᠯᠡᠵᠦ ᠤᠬᠠᠭᠠᠨ ᠰᠠᠨᠠᠭ᠎ᠠ ᠰᠣᠪᠢᠵᠤ ᠶᠠᠪᠤᠬᠤ ᠪᠣᠯᠣᠯ᠎ᠠ᠃       ᠲᠡᠶᠢᠮᠦ ᠡ︕ ︽ᠤᠤᠭᠤᠭᠰᠠᠨ ᠤᠰᠤ ᠷᠠᠰᠢᠶᠠᠨ ᠤᠨᠠᠭᠰᠠᠨ ᠰᠢᠷᠤᠢ ᠠᠯᠲᠠ︾ ᠭᠡᠳᠡᠭᠴᠢᠯᠡᠨ᠂ ᠮᠤᠩᠭᠤᠯᠴᠤᠳ ᠮᠠᠨᠢ ᠡᠬᠡ ᠪᠠᠶᠢᠭᠠᠯᠢ ᠳᠠᠭᠠᠨ ᠡᠶᠢᠨᠬᠦ ᠬᠠᠶᠢᠷ᠎ᠠ ᠢᠪᠡᠭᠡᠯ ᠲᠠᠢ ᠪᠠᠶᠢᠳᠠᠭ ᠪᠣᠯᠬᠤᠷ ᠠᠬᠠᠮᠠᠳ ᠪᠤᠭᠤᠷᠤᠯ ᠤᠨ ᠮᠠᠨᠢ ᠡᠯᠢᠭᠡᠨ ᠬᠠᠯᠠᠭᠤᠨ ᠨᠤᠲᠤᠭ ᠤᠰᠤᠨ ᠳᠠᠭᠠᠨ ᠡᠷᠭᠦᠭᠰᠡᠨ ᠠᠶᠤᠤᠯᠢᠬᠠᠢ ᠵᠢᠷᠦᠭᠡᠨ ᠤ ᠠᠮᠢᠨ ᠬᠠᠶᠢᠷ᠎ᠠ ᠪᠠᠷ ᠢᠪᠢᠯᠦᠭᠰᠡᠨ ᠰᠦᠨ ᠴᠠᠭᠠᠨ ᠰᠡᠳᠬᠢᠯ ᠤᠨ ᠬᠢᠨᠢ ᠰᠦᠰᠦᠭ ᠪᠢᠰᠢᠷᠡᠯ ᠢᠶᠠᠷ ᠦᠨᠦᠳᠦᠷ ᠯᠤᠪᠰᠠᠩᠫᠧᠷᠯᠠᠢ ᠨᠠᠰᠤᠲᠠᠨ ᠤ ᠭᠤᠷᠪᠠᠨ ᠦᠶ᠎ᠡ ᠪᠠᠷ ᠢᠶᠠᠨ ᠨᠤᠲᠤᠭ ᠤᠨ ᠢᠶᠠᠨ ᠨᠤᠮᠢᠨ ᠨᠤᠭᠤᠭᠠᠨ ᠦᠢᠯᠡᠰ ᠤᠨ ᠲᠥᠯᠦᠭᠡᠯᠡᠭᠴᠢᠳ ᠵᠢᠳᠬᠦᠭᠰᠡᠭᠡᠷ᠂᠂᠂᠂
 
ᠢᠷᠡᠯᠲᠡ᠄ ᠰᠢᠯᠢ ᠶᠢᠨ ᠭᠣᠣᠯ ᠤᠨ ᠡᠳᠦᠷ ᠦᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号