ᠬᠦᠪᠡᠭᠡᠲᠦ ᠰᠢᠷ᠎ᠠ ᠬᠤᠰᠢᠭᠤᠨ ᠤ ᠠᠷᠪᠠᠲᠤ ᠰᠤᠷᠭᠠᠯᠲᠠ ᠶᠢᠨ ᠲᠥᠪ ᠨᠢ ᠬᠡᠦᠬᠡᠳ ᠪᠠᠭᠠᠴᠤᠳ ᠤᠨ ᠵᠤᠨ ᠤ | ᠠᠮᠠᠷᠠᠯᠲᠠ ᠪᠠᠨ ᠪᠠᠶᠠᠷ ᠬᠦᠷ ᠲᠠᠢ᠂ ᠤᠳᠬ᠎ᠠ ᠠᠭᠤᠯᠭ᠎ᠠ ᠲᠠᠢ ᠦᠩᠭᠡᠷᠡᠬᠦᠯᠬᠦ ᠳᠤ ᠨᠦᠬᠦᠴᠡᠯ ᠪᠣᠯᠭᠠᠵᠤ᠂ ︽ᠡᠬᠡ | ᠬᠡᠯᠡᠨ ᠤ ᠪᠠᠭ᠋ᠠᠷᠬᠠᠯ︾ ᠵᠤᠰᠠᠯᠠᠩ ᠤᠨ ᠠᠵᠢᠯᠯᠠᠭ᠎ᠠ ᠥᠷᠨᠢᠬᠦᠯᠪᠡ᠃ | ᠠᠵᠢᠯᠯᠠᠭ᠎ᠠ ᠨᠢ 7 ᠰᠠᠷ᠎ᠠ ᠶᠢᠨ 22 ᠤ ᠡᠳᠦᠷ ᠠᠴᠠ 26 ᠤ ᠡᠳᠦᠷ ᠪᠣᠯᠲᠠᠯ᠎ᠠ ᠶᠠᠪᠤᠭᠳᠠᠵᠤ᠂ 22 ᠬᠡᠦᠬᠡᠳ | ᠤᠷᠤᠯᠴᠠᠵᠤ᠂ ᠠᠮᠢᠰᠬᠤᠯ ᠤᠨ ᠪᠣᠯᠪᠠᠰᠤᠷᠠᠯ᠂ ᠲᠠᠭᠤ ᠬᠤᠭᠤᠯᠠᠢ ᠶᠢᠨ ᠪᠣᠯᠪᠠᠰᠤᠷᠠᠯ᠂ ᠬᠡᠯᠡᠨ ᠤ ᠪᠤᠯᠪᠠᠰᠤᠷᠠᠯ᠂ | ᠦᠬᠦᠯᠡᠪᠦᠷᠢ ᠵᠤᠬᠢᠶᠠᠬᠤ᠂ ᠡᠳᠦᠷ ᠤᠨ ᠲᠡᠮᠳᠡᠭᠯᠡᠯ ᠪᠢᠴᠢᠬᠦ᠂ ᠲᠦᠭᠦᠮ ᠵᠤᠬᠢᠶᠠᠯ ᠪᠢᠴᠢᠬᠦ᠂ ᠶᠡᠷᠢᠶ᠎ᠡ ᠢᠯᠡᠳᠬᠡᠯ ᠬᠢᠬᠦ ᠵᠡᠷᠭᠡ | ᠪᠤᠯᠪᠠᠰᠤᠷᠠᠯ ᠬᠦᠷᠲᠡᠵᠡᠢ᠃ | ᠲᠤᠰ ᠠᠵᠢᠯᠯᠠᠭ᠎ᠠ ᠶᠢ ᠭᠤᠣᠯᠳᠠᠭᠤ ᠪᠠᠭᠠᠴᠤᠳ ᠬᠡᠦᠬᠡᠳ ᠤᠨ ᠲᠠᠷᠤᠭᠠᠰᠤ ᠶᠢ ᠬᠦᠩᠭᠡᠷᠡᠬᠦᠯᠵᠦ᠂ ᠪᠡᠶ᠎ᠡ | ᠮᠠᠬᠠᠪᠤᠳ᠂ ᠤᠶᠤᠨ ᠰᠠᠨᠠᠭᠠᠨ ᠤ ᠳᠠᠶᠢᠪᠤᠰᠢᠷᠠᠯ᠂ ᠪᠡᠶ᠎ᠡ ᠪᠠᠨ ᠳᠠᠭᠠᠭᠠᠵᠤ᠂ ᠵᠣᠷᠢᠭ ᠢᠶᠠᠨ ᠳᠠᠪᠲᠠᠨ᠂ ᠨᠠᠮ ᠰᠡᠯᠡᠬᠦᠦ | ᠬᠦᠳᠡᠭᠡ ᠶᠢᠨ ᠣᠷᠴᠢᠨ ᠳᠤ ᠬᠠᠮᠲᠤ ᠪᠠᠷ ᠲᠣᠭᠯᠠᠨ᠂ ᠡᠬᠡ ᠪᠠᠶᠢᠭᠠᠯᠢ ᠳᠤ ᠣᠶᠢᠷᠠᠳᠤᠨ᠂ ᠠᠮᠢᠳᠤᠷᠠᠯ ᠢᠶᠠᠨ ᠬᠠᠶᠢᠷᠠᠯᠠᠵᠤ᠂ | ᠲᠧᠯᠸᠢᠰ ᠭᠠᠷ ᠤᠳᠠᠰᠤᠨ ᠤ ᠰᠢᠨᠤᠯ ᠢᠶᠠᠨ ᠲᠠᠶᠠᠭᠳᠠᠵᠤ᠂ ᠪᠤᠰᠤᠳ ᠢ ᠪᠤᠳᠤᠬᠤ ᠥᠷᠥᠪᠴᠢᠭᠡᠨ ᠰᠡᠳᠬᠢᠯ᠂ | ᠬᠦᠳᠡᠭᠡ ᠶᠢᠨ ᠪᠤᠷᠣ ᠴᠠᠶᠢᠯᠭᠠᠨ ᠵᠠᠩ ᠠᠪᠤᠷᠢ᠂ ᠡᠬᠡ ᠮᠣᠩᠭᠤᠯ ᠬᠡᠯᠡ ᠰᠤᠶᠤᠯ ᠢᠶᠠᠨ ᠪᠠᠭ᠋ᠠᠷᠬᠠᠨ ᠳᠡᠭᠡᠳᠦᠯᠡᠬᠦ | ᠤᠬᠠᠮᠰᠠᠷ ᠢ ᠪᠠᠳᠠᠷᠠᠭᠤᠯᠬᠤ ᠵᠣᠷᠢᠯᠭᠠᠡᠴᠠ ᠥᠷᠨᠢᠬᠦᠯᠦᠭᠰᠡᠨ ᠪᠠᠶᠢᠨ᠎ᠠ᠃ | ᠲᠠᠪᠤᠨ ᠬᠤᠨᠤᠭ ᠤᠨ ᠵᠤᠰᠠᠯᠠᠩ ᠤᠨ ᠠᠵᠢᠯᠯᠠᠭ᠎ᠠ ᠢᠶᠠᠷ ᠳᠠᠮᠵᠢᠨ᠂ ᠲᠡᠳᠡ ᠪᠡᠶ᠎ᠡ ᠪᠠᠨ ᠲᠠᠭᠠᠯᠭᠠᠬᠤ ᠶᠢ ᠰᠤᠷᠴᠤ᠂ | ᠮᠠᠯᠵᠢᠬᠤ ᠠᠶᠢᠯ ᠳᠤ ᠬᠦᠷᠴᠦ ᠠᠵᠢᠯ ᠬᠦᠳᠡᠯᠮᠦᠷᠢ ᠳᠤ ᠤᠷᠤᠯᠴᠠᠵᠤ᠂ ᠰᠦᠯᠵᠢᠶ᠎ᠡ ᠤᠳᠠᠰᠤᠨ ᠠᠴᠠ ᠰᠠᠯᠵᠤ᠂ ᠬᠥᠯ | ᠪᠦᠮᠪᠦᠭᠡ ᠢᠰᠬᠦᠯᠬᠦ᠂ ᠠᠭᠤᠯᠠ ᠮᠠᠴᠤᠬᠤ᠂ ᠨᠤᠮᠤ ᠰᠤᠮᠤ ᠬᠠᠷᠪᠤᠬᠤ᠂ ᠱᠠᠭ᠎ᠠ ᠲᠣᠭᠯᠠᠬᠤ᠂ ᠭᠠᠷ ᠠᠯᠴᠢᠭᠤᠷ ᠬᠠᠶᠠᠬᠤ | ᠵᠡᠷᠭᠡ ᠬᠦᠳᠡᠯᠭᠡᠭᠡᠨ ᠳᠤ ᠤᠷᠤᠯᠴᠠᠵᠤ᠂ ᠤᠬᠠᠭᠠᠨ ᠢᠶᠠᠨ ᠲᠡᠯᠡᠵᠦ᠂ ᠪᠡᠶ᠎ᠡ ᠮᠠᠬᠠᠪᠤᠳ ᠢᠶᠠᠨ ᠴᠢᠬᠢᠷᠠᠭᠵᠭᠤᠯᠤᠭᠰᠠᠨ | ᠪᠠᠶᠢᠨ᠎ᠠ᠃ | ᠲᠠᠩᠭᠢᠰ᠂ ᠲᠠᠳᠤᠯᠭ᠎ᠠ ᠶᠢᠨ ᠰᠤᠷᠪᠤᠯᠵᠢᠯᠠᠭᠴᠢ ᠴᠠᠶᠢᠯᠭᠠᠨ |