ᠲᠠᠪᠣᠰᠣ ᠠᠷᠪᠢᠨ ᠢᠳᠡᠬᠦ ᠨᠢ ᠬᠥᠮᠥᠨ ᠤ ᠪᠡᠶ᠎ᠡ ᠳᠤ ᠮᠠᠰᠢ ᠮᠠᠭᠤ ᠶᠣᠮ᠃ ᠡᠩ ᠤᠨ ᠪᠠᠶᠢᠳᠠᠯ ᠳᠤ᠂ ᠭᠤᠷᠪᠠᠨ | ᠬᠦᠮᠦᠨᠠᠮᠨ ᠲᠠᠢ ᠨᠢᠬᠡ ᠠᠶᠢᠯ ᠤᠨ ᠨᠢᠬᠡ ᠵᠢᠯ ᠳᠤ ᠢᠳᠡᠬᠦ ᠲᠠᠪᠣᠰᠣᠨ ᠤ ᠬᠡᠮᠵᠢᠶ᠎ᠠ 16 ᠣᠭᠤᠳᠠ ᠪᠠᠶᠢᠬᠤ | ᠶᠣᠰᠣᠳᠠᠢ᠃ ᠬᠡᠪᠡᠴᠦ᠂ᠣᠯᠠᠩᠬᠢ ᠬᠥᠮᠥᠨ ᠤ ᠳᠠᠪᠤᠰᠤ ᠢᠳᠡᠬᠦ ᠬᠡᠮᠵᠢᠶ᠎ᠡ ᠡᠭᠦᠨ ᠠᠴᠠ ᠬᠤᠯᠠ ᠬᠡᠲᠦᠷᠡᠵᠦ ᠪᠠᠶᠢᠨ᠎ᠠ᠃ | | ᠨᠢᠭᠡᠨ ᠪᠠᠶᠢᠴᠠᠭᠠᠯᠳᠠ ᠶᠢᠨ ᠲᠤᠭ᠎ᠠ ᠪᠠᠷᠢᠮᠳᠠ ᠠᠴᠠ ᠦᠵᠡᠪᠡᠯ᠂ ᠮᠠᠨ ᠤ ᠣᠯᠣᠰ ᠤᠨ ᠡᠮᠦᠨᠡᠳᠣ ᠣᠷᠣᠨ ᠤ | ᠬᠥᠮᠥᠰᠥᠨ ᠡᠳᠦᠷ ᠪᠦᠷᠢ ᠶᠢᠨ ᠢᠳᠡᠬᠦ ᠲᠠᠪᠣᠰᠣᠨ ᠤ ᠬᠡᠮᠵᠢᠶ᠎ᠠ ᠲᠡᠭᠰᠢᠳᠬᠡᠭᠡᠳ 8-10 ᠭᠷᠠᠮ ᠪᠠᠶᠢᠵᠦ᠂ ᠣᠮᠠᠷᠠᠳᠣ | ᠣᠷᠣᠨ ᠤ ᠬᠥᠮᠥᠰ ᠤᠨ ᠡᠳᠦᠷ ᠪᠦᠷᠢ ᠶᠢᠨ ᠢᠳᠡᠬᠦ ᠲᠠᠪᠣᠰᠣᠨ ᠤ ᠬᠡᠮᠵᠢᠶ᠎ᠠ ᠲᠡᠭᠰᠢᠳᠬᠡᠭᠡᠳ 18 ᠭᠷᠠᠮ ᠳᠤ | ᠬᠦᠷᠴᠦ ᠪᠣᠢ᠃ ᠪᠠᠰᠨ ᠵᠠᠷᠢᠮ ᠲᠠᠪᠣᠰᠣ ᠴᠢᠩᠭ᠎ᠠ ᠢᠳᠡᠳᠡᠭ ᠲᠠᠳᠬᠠᠯ ᠲᠠᠢ ᠬᠦᠮᠦᠰ ᠤᠨ ᠡᠳᠦᠷ ᠪᠦᠷᠢ ᠶᠢᠨ ᠢᠳᠡᠬᠦ | ᠲᠠᠪᠣᠰᠣᠨ ᠤ ᠬᠡᠮᠵᠢᠶ᠎ᠠ 20-25 ᠭᠷᠠᠮ ᠳᠤ ᠬᠦᠷᠴᠦᠪᠠᠶᠢᠨᠠ᠃ ᠲᠡᠭᠰᠢᠳᠬᠡᠬᠡᠳ ᠪᠤᠳᠤᠪᠠᠯ ᠮᠠᠨ ᠤ ᠣᠯᠣᠰ ᠤᠨ | ᠬᠦᠮᠦᠨ ᠡᠳᠦᠷ ᠪᠦᠷᠢ 14.5 ᠭᠷᠠᠮ ᠳᠠᠪᠤᠰᠤ ᠢᠳᠡᠵᠦ ᠪᠠᠶᠢᠨ᠎ᠠ᠃ | ᠲᠡᠭᠡᠪᠡᠯ᠂ ᠲᠠᠪᠣᠰᠣ ᠶᠢ ᠬᠡᠳᠦᠷᠡᠳᠡᠯ᠎ᠡ ᠢᠳᠡᠪᠡᠯ ᠪᠡᠶ᠎ᠡ ᠳᠤ ᠶᠠᠮᠠᠷ ᠢᠯᠡᠷᠡᠯ ᠭᠠᠷᠳᠠᠭ ᠪᠣᠢ︖ | 1. ᠠᠮᠨ ᠬᠠᠳᠠᠬᠤ | ᠶᠡᠭᠡ ᠬᠡᠮᠵᠢᠶᠠᠨ ᠤ ᠨᠠᠲᠷᠢ ᠠᠭᠤᠯᠣᠭᠰᠠᠨ ᠬᠤᠭᠤᠯᠨ ᠢᠳᠡᠭᠰᠡᠨ ᠤ ᠲᠠᠷᠠᠭ᠎ᠠ᠂ ᠪᠡᠶ᠎ᠡ ᠳᠠᠬᠢ ᠲᠠᠪᠣᠰᠣ | ᠪᠣᠯᠣᠨᠣᠰᠣᠨ ᠤ ᠠᠭᠤᠯᠣᠭᠳᠠᠬᠤᠨ ᠤ ᠲᠡᠩᠴᠡᠬᠦᠷᠢ ᠠᠯᠳᠠᠭᠳᠠᠭᠰᠠᠨ ᠰᠢᠭ᠋ ᠰᠠᠨᠠᠭᠳᠠᠵᠤ᠂ ᠠᠮᠠ ᠬᠠᠲᠠᠳᠠᠭ᠃ | ᠲᠡᠩᠴᠡᠬᠦᠷᠢ ᠪᠠᠨ ᠪᠠᠲᠤᠯᠠᠬᠤ ᠶᠢᠨ ᠲᠦᠯᠦᠬᠡ ᠬᠥᠮᠥᠰ ᠠᠷᠪᠢᠨ ᠣᠰᠣ ᠣᠣᠭᠤᠬᠤ ᠬᠡᠷᠡᠭᠳᠠᠢ ᠪᠣᠯᠳᠠᠭ᠃ ᠡᠶᠢᠮᠦ ᠠᠴᠠ | ᠬᠥᠮᠥᠰ ᠶᠡᠭᠡ ᠬᠡᠮᠵᠢᠶ᠎ᠠ ᠪᠠᠷ ᠣᠰᠣ ᠤᠤᠭᠤᠳᠠᠭ᠃ | 2. ᠦᠢᠯᠡ ᠬᠥᠳᠡᠯᠭᠡᠭᠡᠨ ᠤᠳᠠᠭᠠᠰᠢᠷᠠᠬᠤ | ᠣᠷᠳᠣ ᠬᠤᠭᠤᠴᠠᠭᠠᠨ ᠤ ᠲᠣᠷᠰᠢ ᠬᠡᠳᠦᠷᠡᠳᠡᠯ᠎ᠡ ᠲᠠᠪᠣᠰᠣ ᠢᠳᠡᠪᠡᠯ ᠬᠥᠮᠥᠨ ᠤ ᠪᠡᠶ᠎ᠡ ᠳᠣᠲᠣᠷᠠᠬᠢ ᠤᠰᠤ | ᠠᠯᠳᠠᠭᠳᠠᠵᠤ᠂ ᠲᠠᠷᠢᠬᠢ ᠲᠣᠯᠣᠭᠠᠢ ᠶᠢᠨ ᠰᠡᠳᠬᠢᠬᠦ ᠴᠢᠳᠠᠪᠤᠷᠢ ᠤᠳᠠᠭᠠᠰᠢᠷᠠᠵᠤ᠂ ᠦᠢᠯᠡ ᠬᠥᠳᠡᠯᠭᠡᠭᠡᠨ ᠤᠳᠠᠭᠠᠨ | ᠪᠣᠯᠳᠠᠭ᠃ | 3. ᠭᠠᠷ ᠤᠨ ᠬᠤᠷᠣᠭᠤ ᠮᠣᠬᠤᠶᠢᠵᠦ ᠪᠦᠲᠦᠬᠦᠷᠡᠬᠦ | ᠬᠡᠷᠪᠡ ᠲᠠᠨ ᠤ ᠪᠡᠶ᠎ᠡ ᠶᠢᠨ ᠬᠦᠨᠳᠣ ᠨᠡᠮᠡᠭᠳᠡᠭᠰᠡᠨ ᠦᠬᠡᠢ ᠪᠠᠶᠢᠳᠠᠯ ᠳᠤ ᠭᠠᠷ ᠤᠨ ᠬᠤᠷᠣᠭᠤ ᠴᠢᠨᠢ | ᠪᠦᠳᠦᠭᠦᠷᠡᠭᠰᠡᠨ ᠪᠠᠶᠢᠪᠠᠯ᠂ ᠡᠨᠡ ᠨᠢ ᠣᠷᠳᠣ ᠬᠤᠭᠤᠴᠠᠭᠠᠨ ᠤ ᠲᠣᠷᠰᠢ ᠬᠡᠳᠦᠷᠡᠳᠡᠯ᠎ᠡ ᠲᠠᠪᠣᠰᠣ ᠢᠳᠡᠭᠰᠡᠨ ᠠᠴᠠ | ᠪᠣᠯᠣᠭᠰᠠᠨ ᠪᠠᠶᠢᠵᠤ ᠮᠡᠳᠡᠨ᠎ᠡ᠃ | 4. ᠲᠣᠯᠣᠭᠠᠢ ᠡᠪᠡᠳᠬᠦ | ︽ᠠᠩᠭ᠍ᠯᠢ ᠶᠢᠨ ᠠᠨᠠᠭᠠᠬᠤ ᠣᠬᠠᠭᠠᠨ ᠤ ᠰᠡᠳᠬᠦᠯ︾ ᠳᠤ ᠨᠡᠶᠢᠲᠡᠯᠡᠭᠰᠡᠨ ᠨᠢᠬᠡᠨ ᠰᠣᠳᠣᠯᠭᠠᠨ ᠤ | ᠪᠦᠲᠦᠬᠡᠯ ᠳᠤ ᠲᠡᠮᠳᠡᠭᠯᠡᠭᠰᠡᠨ ᠢᠶᠠᠷ᠄ ᠡᠳᠦᠷ ᠪᠦᠷᠢ 3500 ᠮᠢᠯᠢᠭᠷᠡᠮ ᠨᠠᠲᠷᠢ ᠢᠳᠡᠳᠡᠭ ᠨᠠᠰᠣᠨ ᠳᠤ ᠬᠦᠷᠦᠭᠰᠡᠳ | ᠢ ᠡᠳᠦᠷ ᠪᠦᠷᠢ 1500ᠮᠢᠯᠢᠭᠷᠡᠮ ᠨᠠᠲᠷᠢ ᠢᠳᠡᠳᠡᠭ ᠬᠦᠮᠦᠨ ᠲᠠᠢ ᠬᠠᠷᠢᠴᠠᠭᠤᠯᠪᠠᠯ᠂ ᠲᠣᠯᠣᠭᠠᠢ ᠡᠪᠡᠳᠬᠦ | ᠡᠪᠡᠳᠴᠢᠨ ᠣᠯᠬᠤ ᠠᠶᠤᠯ ᠡᠷᠡᠰᠳᠡᠯ ᠭᠤᠷᠪᠠᠨ ᠤ ᠨᠢᠬᠡ ᠪᠠᠷ ᠳᠡᠭᠡᠭᠰᠢᠯᠡᠳᠡᠭ᠃ | 5. ᠪᠠᠶᠢᠩᠭᠤ ᠰᠢᠬᠡᠰᠦ ᠬᠦᠷᠬᠦ | ᠣᠰᠣ ᠠᠷᠪᠢᠨ ᠣᠣᠭᠤᠬᠤ ᠨᠢ ᠪᠠᠶᠢᠩᠭᠤ ᠰᠢᠬᠡᠰᠦ ᠬᠦᠷᠬᠦ ᠶᠢᠨ ᠴᠣᠷ ᠤᠨ ᠭᠠᠭᠴᠨ ᠰᠢᠯᠳᠠᠭᠠᠨ ᠪᠢᠰᠢ᠃ | ᠲᠠᠪᠣᠰᠣ ᠠᠷᠪᠢᠨ ᠢᠳᠡᠪᠡᠯ ᠪᠠᠰᠠ ᠪᠠᠶᠢᠩᠭᠤ ᠰᠢᠬᠡᠰᠦ ᠬᠦᠷᠬᠦ ᠪᠠᠶᠢᠳᠠᠯ ᠲᠠᠢ ᠪᠣᠯᠳᠠᠭ᠃ ᠬᠦᠮᠦᠨ ᠬᠡᠳᠦᠷᠡᠳᠡᠯ᠎ᠡ | ᠲᠠᠪᠣᠰᠣ ᠢᠳᠡᠭᠰᠡᠨ ᠦᠶ᠎ᠡ ᠳᠤ᠂ ᠪᠡᠶ᠎ᠡ ᠶᠢᠨ ᠴᠣᠯᠣ ᠡᠷᠬᠡᠳᠡᠨ ᠶᠠᠭᠠᠷᠠᠯᠲᠠᠢ ᠠᠵᠢᠯᠯᠠᠮᠠᠨᠵᠢᠨ ᠰᠠᠶ᠋ᠢ ᠢᠯᠡᠬᠦᠳᠡᠭᠰᠡᠨ | ᠲᠠᠪᠣᠰᠣ ᠶᠢ ᠪᠡᠶ᠎ᠡ ᠠᠴᠠ ᠭᠠᠳᠠᠭᠰᠢᠯᠠᠭᠤᠯᠬᠤ ᠪᠣᠯᠬᠤᠷ ᠪᠠᠶᠢᠩᠭᠤ ᠰᠢᠭᠡᠯᠭᠡᠳᠡᠭ᠃ ᠲᠠᠪᠣᠰᠣ ᠶᠢ ᠠᠷᠪᠢᠨ ᠢᠳᠡᠪᠡᠯ | ᠴᠢᠰᠦᠨ ᠲᠠᠷᠣᠯᠳᠠ ᠥᠨᠳᠥᠷᠰᠢᠬᠦ ᠠᠴᠠ ᠭᠠᠳᠠᠨ᠎ᠠ᠂ ᠬᠤᠳᠣᠭᠤᠳᠣᠨ ᠤ ᠦᠮᠡᠨ᠂ ᠮᠠᠷᠢᠶᠠᠯᠠᠬᠤ᠂ ᠵᠢᠷᠦᠬᠡᠨ ᠲᠠᠮᠢᠷ ᠢ | ᠮᠠᠭᠤᠳᠠᠭᠤᠯᠬᠤ᠂ ᠶᠠᠰᠣ ᠰᠡᠶᠢᠷᠡᠭᠵᠢᠬᠦᠯᠬᠦ ᠵᠡᠷᠬᠡ ᠡᠪᠡᠳᠴᠢᠨ ᠢ ᠡᠬᠦᠰᠬᠡᠬᠦ ᠠᠶᠣᠯ ᠲᠠᠢ᠃ ᠡᠶᠢᠮᠦ ᠠᠴᠠ ᠲᠠᠪᠣᠰᠣ ᠶᠢ | ᠬᠡᠮᠵᠢᠶ᠎ᠠ ᠲᠠᠢ ᠢᠳᠡᠪᠡᠯ ᠵᠣᠬᠢᠨ᠎ᠠ᠃ 1. ᠬᠤᠭᠤᠯᠨ ᠬᠢᠬᠦ ᠳᠡᠭᠡᠨ ᠼᠣᠣ᠂ ᠨᠢᠮᠪᠡᠭᠡ ᠶᠢᠨ ᠰᠢᠬᠦᠰᠦ ᠵᠡᠷᠬᠡ ᠬᠦᠴᠢᠯᠯᠢᠭ | ᠠᠮᠳᠠ ᠲᠣᠬᠢᠷᠠᠭᠤᠯᠣᠭᠴᠢ ᠪᠠᠷ ᠲᠠᠪᠣᠰᠣ ᠪᠣᠯᠣᠨ ᠵᠢᠶᠠᠩᠶ᠋ᠢᠣ ᠶᠢ ᠣᠷᠣᠯᠠᠭᠤᠯᠵᠦ ᠬᠡᠷᠡᠭᠯᠡᠨ᠎ᠡ᠃ 2. ᠵᠢᠩᠨᠡᠬᠦ᠂ ᠰᠢᠷᠠᠬᠤ᠂ | ᠴᠢᠨᠠᠬᠤ ᠵᠡᠷᠬᠡ ᠠᠷᠭ᠎ᠠ ᠶᠢ ᠬᠡᠷᠡᠭᠯᠡᠵᠦ᠂ ᠲᠠᠪᠣᠰᠣ ᠪᠠᠭ᠎ᠠ ᠬᠢᠨ᠎ᠡ᠃ ᠲᠠᠪᠣᠰᠣ ᠬᠢᠭᠰᠡᠨ ᠱᠦᠯᠦ ᠲᠠᠢ ᠬᠤᠭᠤᠯᠠᠨ ᠤ ᠪᠠᠨ | ᠱᠦᠯᠦ ᠶᠢ ᠪᠣᠯᠬᠤ ᠶᠢᠨ ᠲᠣᠳᠣᠷ᠎ᠠ ᠣᠣᠭᠤᠬᠤ ᠦᠬᠡᠢ᠃ 3. ᠣᠷᠣᠰ ᠰᠣᠩᠬᠢᠨ᠎ᠠ᠂ ᠲᠦᠪᠡᠳ ᠬᠠᠰᠢ᠂ ᠰᠢᠷ᠎ᠠ | ᠯᠣᠣᠪᠠᠩ ᠵᠡᠷᠬᠡ ᠠᠮᠳᠠᠳᠠᠢ ᠨᠣᠭᠤᠭ᠎ᠠ ᠴᠠᠭ᠎ᠠ ᠶᠢ ᠢᠯᠡᠬᠦᠦ ᠢᠳᠡᠨ᠎ᠡ᠃ 4. ᠰᠡᠷᠢᠬᠦᠨ ᠨᠣᠭᠤᠭ᠎ᠠ ᠬᠢᠬᠦ ᠳᠡᠭᠡᠨ | ᠲᠠᠪᠣᠰᠣ ᠶᠢ ᠬᠠᠮᠤᠭ ᠤᠨ ᠰᠡᠬᠦᠯ ᠳᠤ ᠬᠢᠨ᠎ᠡ᠃ ᠪᠠᠭ᠎ᠠ ᠲᠠᠪᠣᠰᠣ ᠰᠠᠴᠣᠭᠰᠠᠨ ᠣᠲ᠋ᠠᠷᠠᠭᠠ ᠼᠣᠣ ᠬᠢᠪᠡᠯ ᠠᠮᠳᠠ ᠨᠢ | ᠰᠠᠶᠢᠬᠠᠨ ᠪᠣᠯᠳᠠᠭ᠃ 5. ᠵᠢᠶᠠᠩᠶ᠋ᠢᠣ ᠵᠡᠷᠬᠡ ᠠᠮᠳᠠ ᠲᠣᠬᠢᠷᠠᠭᠤᠯᠣᠭᠴᠢ ᠶᠢ ᠬᠡᠷᠡᠭᠯᠡᠵᠦ ᠬᠤᠭᠤᠯᠨ ᠬᠢᠬᠦ ᠳᠡᠭᠡᠨ ᠪᠠᠭ᠎ᠠ | ᠪᠠᠭ᠎ᠠ ᠪᠠᠷ ᠲᠣᠰᠣᠭᠠᠨ᠎ᠠ᠃ ᠬᠠᠷᠢᠨ ᠨᠢᠬᠡ ᠯᠨ ᠲᠣᠣᠷ᠎ᠠ ᠬᠢᠬᠦ ᠦᠬᠡᠢ᠃ 6. ᠠᠯᠢᠪᠠ ᠬᠤᠭᠤᠯᠨᠨ ᠳᠤ ᠪᠦᠷ ᠲᠠᠪᠣᠰᠣ | ᠬᠢᠬᠦ ᠠᠯᠪᠠ ᠦᠬᠡᠢ᠃ ᠨᠢᠭᠡ ᠡᠷᠡᠨ ᠤ ᠬᠤᠭᠤᠯᠠ ᠶᠢᠨ ᠬᠠᠮᠤᠭ ᠤᠨ ᠰᠡᠬᠦᠯ ᠳᠤ ᠤᠤᠭᠤᠬᠤ ᠱᠦᠯᠦᠨ ᠳᠡᠭᠡᠨ | ᠲᠠᠪᠣᠰᠣ ᠬᠢᠬᠦ ᠦᠬᠡᠢ ᠪᠠᠶᠢᠵᠦ ᠪᠣᠯᠣᠨ᠎ᠠ᠃ | |