ᠰᠠᠶᠢᠨ ᠰᠠᠶᠢᠬᠠᠨ ᠠᠮᠢᠲᠤᠷᠠᠯ ᠤᠨ ᠵᠥᠭ ᠵᠢᠯᠤᠭᠤ ᠰᠤᠩᠭᠠᠨ ᠤᠷᠤᠭᠰᠢᠯᠠᠨ᠎ᠠ
ᠨᠡᠶᠢᠲᠡᠯᠡᠭᠰᠡᠨ ᠴᠠᠭ᠄
2020-08-12
      — ᠬᠥᠪᠡᠭᠡᠳᠦ ᠰᠢᠷ᠎ᠠ ᠬᠤᠰᠢᠭᠤ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠪᠠ ᠬᠦᠳᠡᠭᠡ ᠲᠤᠰᠬᠤᠨ ᠢ ᠬᠥᠭᠵᠢᠭᠦᠯᠦᠨ ᠮᠠᠨᠳᠤᠭᠤᠯᠬᠤ ᠶᠢ ᠪᠦᠲᠦᠮᠵᠢᠳᠠᠢ ᠵᠤᠯᠭᠠᠯᠴᠠᠭᠤᠯᠵᠦ ᠪᠠᠶᠢᠭ᠎ᠠ ᠳᠤᠬᠠᠢ ᠲᠡᠮᠳᠡᠭᠯᠡᠯ                                            ᠬᠠᠮ ᠵᠠᠭᠤᠴᠢᠯᠠᠭᠤᠷ ᠤᠨ ᠰᠤᠷᠪᠤᠯᠵᠢᠯᠠᠭᠴᠢ ᠪᠠᠶᠠᠷᠳᠤ     ᠬᠥᠪᠡᠭᠡᠲᠥ ᠰᠢᠷ᠎ᠠ ᠬᠤᠰᠢᠭᠤ ᠪᠤᠯ ᠥᠪᠡᠷᠲᠡᠭᠡᠨ ᠵᠠᠰᠠᠬᠤ ᠤᠷᠤᠨ ᠤ ᠶᠠᠲᠠᠭᠤ ᠶᠢ ᠲᠡᠳᠬᠦᠵᠥ ᠨᠡᠭᠡᠭᠡᠨ ᠬᠥᠭᠵᠢᠬᠦᠯᠬᠦ ᠭᠤᠤᠯᠲᠠᠯᠭ᠎ᠠ ᠲᠠᠢ ᠬᠤᠰᠢᠭᠤ ᠪᠤᠯᠤᠨ᠎ᠠ᠃ ᠶᠠᠲᠠᠭᠤ ᠠᠴᠠ ᠠᠩᠭᠢᠵᠢᠷᠠᠭᠤᠯᠬᠤ ᠪᠤᠭᠤᠮᠲᠠ ᠰᠢᠪᠲᠤᠯᠬᠤ ᠲᠠᠶᠢᠯᠠᠯᠲᠤᠭᠠᠨ ᠡᠬᠢᠯᠡᠭᠰᠡᠨ ᠠᠴᠠ ᠨᠠᠭᠠᠰᠢ᠂ ᠳᠤᠰ ᠬᠤᠰᠢᠭᠤ ᠶᠠᠲᠠᠭᠤ ᠠᠴᠠ ᠠᠩᠭᠢᠵᠢᠷᠠᠭᠤᠯᠬᠤ ᠠᠵᠢᠯ ᠢ ᠴᠢᠬᠤᠯᠠ ᠶᠡᠭᠡ ᠤᠯᠤᠰ ᠲᠥᠷᠥ ᠶᠢᠨ ᠬᠠᠷᠢᠭᠤᠴᠠᠯᠭ᠎ᠠ ᠪᠤᠯᠤᠨ ᠲᠡᠷᠢᠬᠦᠨ ᠴᠢᠬᠤᠯᠠ ᠠᠷᠠᠳ ᠤᠨ ᠠᠮᠢᠲᠤᠷᠠᠯ ᠤᠨ ᠢᠨᠵᠧᠨᠧᠷᠢᠩ ᠪᠤᠯᠭᠠᠵᠥ᠂ ᠤᠨᠢᠨ ᠲᠡᠭᠡᠷ᠎ᠠ ᠨᠢ ᠶᠠᠲᠠᠭᠤ ᠠᠴᠠ ᠠᠩᠭᠢᠵᠢᠷᠠᠭᠤᠯᠬᠤ ᠠᠷᠭ᠎ᠠ ᠪᠤᠲᠤᠯᠭ᠎ᠠ ᠶᠢ ᠪᠠᠷᠢᠮᠲᠠᠯᠠᠨ᠂ ᠡᠯ᠎ᠠ ᠲᠥᠷᠥᠯ ᠤᠨ ᠶᠠᠲᠠᠭᠤ ᠶᠢ ᠲᠡᠳᠬᠦᠬᠦ ᠪᠡᠯᠡ ᠮᠥᠡᠭᠭᠦ ᠶᠢ ᠨᠡᠶᠢᠲᠡ 1.69 ᠳ᠋ᠥᠡᠭᠰᠢᠭᠤᠷ ᠲᠥᠭᠦᠷᠢᠭ ᠤᠷᠤᠭᠤᠯᠵᠥ᠂ ᠡᠯ᠎ᠠ ᠵᠥᠢᠯ ᠤᠨ ᠶᠠᠲᠠᠭᠤ ᠶᠢ ᠲᠡᠳᠬᠦᠬᠦ ᠠᠷᠭ᠎ᠠ ᠬᠡᠮᠵᠢᠶ᠎ᠠ ᠶᠢ ᠨᠢᠭᠡᠲᠥᠯᠲᠡᠢ ᠲᠥᠯᠥᠪᠵᠢᠬᠦᠯᠥᠨ ᠠᠬᠢᠭᠤᠯᠤᠭᠰᠠᠨ ᠢᠶᠠᠷ 2018 ᠤᠨ ᠳᠤ ᠠᠮᠵᠢᠯᠲᠠᠲᠠᠢ ᠪᠠᠷ ᠥᠪᠡᠷᠲᠡᠭᠡᠨ ᠵᠠᠰᠠᠬᠤ ᠤᠷᠤᠨ ᠤ ᠶᠠᠲᠠᠭᠤ ᠬᠥᠴᠢᠷᠲᠡᠯᠲᠡᠢ ᠬᠤᠰᠢᠭᠤ ᠰᠢᠶᠠᠨ ᠤ ᠡᠩᠨᠡᠭᠡᠨ ᠠᠴᠠ ᠭᠠᠷᠴᠥ᠂ ᠪᠥᠬᠦ ᠬᠤᠰᠢᠭᠤᠨ ᠤ 603 ᠲᠠᠩᠰᠠ ᠡᠪᠭᠡᠮᠡᠯ ᠲᠠᠢ ᠬᠥᠴᠢᠷᠲᠡᠯᠲᠡᠢ ᠡᠷᠥᠭᠡ ᠶᠢᠨ 1539 ᠬᠥᠮᠥᠨ ᠶᠠᠲᠠᠭᠤ ᠠᠴᠠ ᠠᠩᠭᠢᠵᠢᠷᠠᠵᠠᠢ᠃ ᠥᠪᠡᠷᠲᠡᠭᠡᠨ ᠵᠠᠰᠠᠬᠤ ᠤᠷᠤᠨ ᠤ ᠶᠠᠲᠠᠭᠤ ᠬᠥᠴᠢᠷᠲᠡᠯᠲᠡᠢ ᠬᠤᠰᠢᠭᠤ ᠰᠢᠶᠠᠨ ᠤ ᠡᠩᠨᠡᠭᠡᠨ ᠠᠴᠠ ᠭᠠᠷᠤᠭᠰᠠᠨ ᠤ ᠲᠠᠷᠠᠭ᠎ᠠ᠂ ᠲᠤᠰ ᠬᠤᠰᠢᠭᠤ ᠶᠠᠲᠠᠭᠤ ᠠᠴᠠ ᠠᠩᠭᠢᠵᠢᠷᠠᠭᠤᠯᠬᠤ ᠪᠤᠭᠤᠮᠲᠠ ᠰᠢᠪᠲᠤᠯᠬᠤ ᠲᠠᠶᠢᠯᠠᠯᠲᠤᠭᠠᠨ ᠤ ᠥᠷ᠎ᠠ ᠪᠥᠲᠥᠭᠡᠯ ᠢ ᠪᠠᠬᠢᠵᠢᠬᠦᠯᠬᠦ ᠪᠤᠯᠤᠨ ᠬᠥᠲᠡᠭᠡ ᠲᠤᠰᠬᠤᠨ ᠢ ᠬᠥᠭᠵᠢᠬᠦᠯᠥᠨ ᠮᠠᠨᠲᠤᠭᠤᠯᠬᠤ ᠶᠢ ᠠᠬᠢᠭᠤᠯᠬᠤ ᠠᠵᠢᠯ ᠢ ᠨᠢᠭᠡᠲᠥᠯᠲᠡᠢ ᠲᠥᠯᠥᠪᠵᠢᠬᠦᠯᠤᠨ ᠪᠥᠲᠥᠮᠵᠢᠲᠡᠢ ᠵᠤᠯᠭᠠᠯᠴᠠᠭᠤᠯᠵᠥ᠂ ᠬᠥᠲᠡᠭᠡ ᠲᠤᠰᠬᠤᠨ ᠢ ᠬᠥᠭᠵᠢᠬᠦᠯᠥᠨ ᠮᠠᠨᠲᠤᠭᠤᠯᠬᠤ ᠳᠤ ᠪᠠᠲᠤ ᠰᠠᠭᠤᠷᠢ ᠲᠠᠯᠪᠢᠵᠠᠢ᠃      ᠠᠵᠤ ᠥᠢᠯᠡᠰ ᠢ ᠬᠥᠭᠵᠢᠬᠦᠯᠬᠦ ᠪᠤᠯ ᠶᠠᠲᠠᠭᠤ ᠠᠴᠠ ᠠᠩᠭᠢᠵᠢᠷᠠᠭᠤᠯᠬᠤ ᠪᠤᠭᠤᠮᠲᠠ ᠰᠢᠪᠲᠤᠯᠬᠤ ᠪᠤᠯᠤᠨ ᠬᠥᠲᠡᠭᠡ ᠲᠤᠰᠬᠤᠨ ᠢ ᠬᠥᠭᠵᠢᠬᠦᠯᠥᠨ ᠮᠠᠨᠲᠤᠭᠤᠯᠬᠤ ᠶᠢᠨ ᠴᠢᠬᠤᠯᠠ ᠠᠷᠭ᠎ᠠ ᠬᠡᠮᠵᠢᠶ᠎ᠠ ᠮᠥᠨ᠃ ᠬᠥᠪᠡᠭᠡᠲᠥ ᠰᠢᠷ᠎ᠠ ᠬᠤᠰᠢᠭᠤ ᠮᠠᠯᠵᠢᠬᠤ ᠤᠷᠤᠨ ᠤ ᠠᠵᠤ ᠥᠢᠯᠡᠰ ᠤᠨ ᠬᠥᠭᠵᠢᠯᠲᠡ ᠶᠢ ᠠᠬᠢᠭᠤᠯᠬᠤ ᠶᠠᠪᠤᠴᠠ ᠳᠤ ᠠᠮᠢ ᠠᠬᠤᠢ ᠶᠢ ᠤᠷᠢᠳ ᠢᠶᠠᠷ ᠪᠤᠲᠤᠯᠬᠢᠯᠠᠵᠥ᠂ ᠪᠤᠬᠢᠷᠲᠤᠯ ᠥᠭᠡᠢ ᠬᠥᠭᠵᠢᠯᠲᠡ ᠪᠠᠷ ᠤᠲᠤᠷᠢᠲᠤᠮᠵᠢ ᠪᠤᠯᠭᠠᠬᠤ ᠶᠢ ᠪᠠᠷᠢᠮᠲᠠᠯᠠᠵᠥ᠂ ︽ᠬᠤᠨᠢ ᠶᠢ ᠴᠥᠭᠡᠴᠢᠯᠡᠵᠥ ᠥᠭᠡᠷ ᠢ ᠨᠡᠮᠡᠭᠲᠡᠬᠦᠯᠬᠦ︾ ᠪᠠᠶᠢᠯᠲᠤᠬᠤ ᠪᠤᠲᠤᠯᠭ᠎ᠠ ᠶᠢ ᠬᠥᠨᠵᠡᠭᠡᠢ ᠬᠡᠷᠡᠭᠵᠢᠬᠦᠯᠵᠥ᠂ ᠴᠠᠬᠠᠷ ᠬᠤᠨᠢ ᠪᠤᠯᠤᠨ ᠰᠢᠯᠢᠲᠡᠭ ᠡᠬᠦᠯᠲᠡᠷ ᠤᠨ ᠥᠭᠡᠷ ᠮᠠᠯᠵᠢᠬᠤ ᠪᠠᠷ ᠭᠤᠤᠯᠯᠠᠭᠴᠢ ᠠᠵᠤ ᠥᠢᠯᠡᠰ ᠪᠤᠯᠭᠠᠵᠥ᠂ ᠴᠥᠭᠡᠨ ᠮᠠᠯ ᠢ ᠴᠢᠨᠠᠷᠯᠢᠭ ᠮᠠᠯᠵᠢᠬᠤ᠂ ᠰᠢᠨᠵᠢᠯᠡᠬᠦ ᠤᠬᠠᠭᠠᠨᠴᠢ ᠪᠠᠷ ᠮᠠᠯᠵᠢᠬᠤ ᠵᠠᠮ ᠢᠶᠠᠷ ᠵᠠᠮᠨᠠᠵᠥ᠂ ᠠᠮᠢ ᠠᠬᠤᠢ ᠶᠢ ᠰᠡᠷᠬᠦᠭᠡᠬᠦ᠂ ᠮᠠᠯ ᠠᠵᠤ ᠠᠬᠤᠢ ᠶᠢᠨ ᠥᠷ᠎ᠠ ᠠᠰᠢᠭ ᠢ ᠲᠡᠭᠡᠭᠰᠢᠯᠡᠬᠦᠯᠬᠦ᠂ ᠮᠠᠯᠴᠢᠳ ᠤᠨ ᠤᠷᠤᠯᠭ᠎ᠠ ᠶᠢ ᠨᠡᠮᠡᠭᠲᠡᠬᠦᠯᠬᠦ ᠶᠢ ᠪᠡᠶᠡᠯᠡᠬᠦᠯᠵᠡᠢ᠃ ᠴᠠᠬᠠᠷ ᠬᠤᠨᠢ ᠮᠠᠯᠵᠢᠬᠤ ᠲᠠᠯ᠎ᠠ ᠪᠠᠷ᠂ ᠮᠠᠯᠴᠢᠳ ᠲᠤ ᠠᠰᠢᠭᠲᠠᠢ ᠲᠥᠷᠥ ᠶᠢᠨ ᠪᠤᠲᠤᠯᠭ᠎ᠠ ᠠᠷᠭ᠎ᠠ ᠬᠡᠮᠵᠢᠶ᠎ᠠ ᠲᠤᠭᠲᠠᠭᠠᠵᠥ᠂ ᠲᠥᠷᠥᠯ ᠵᠥᠢᠯ ᠢᠶᠠᠷ ᠲᠡᠮᠵᠢᠬᠦ ᠪᠤᠯᠤᠨ ᠪᠡᠯᠡ ᠮᠥᠡᠭᠭᠦ ᠪᠠᠷ ᠲᠡᠮᠵᠢᠬᠦ ᠶᠢᠨ ᠬᠠᠮᠲᠤ ︽ᠰᠢᠯᠢ ᠶᠢᠨ ᠭᠤᠤᠯ ᠤᠨ ᠴᠠᠬᠠᠷ ᠬᠤᠨᠢ︾ ᠭᠡᠬᠦ ᠨᠡᠷᠡᠲᠥ ᠲᠡᠮᠲᠡᠭ ᠢ ᠡᠬᠦᠳᠴᠥ᠂ ᠴᠠᠬᠠᠷ ᠬᠤᠨᠢᠨ ᠤ ᠠᠵᠤ ᠥᠢᠯᠡᠰ ᠤᠨ ᠬᠡᠪᠴᠢᠶᠡᠵᠢᠯᠲᠡ᠂ ᠡᠷᠴᠢᠮᠵᠢᠯᠲᠡ᠂ ᠪᠠᠷᠢᠮᠵᠢᠶᠠᠵᠢᠯᠲᠠ ᠶᠢ ᠠᠬᠢᠭᠤᠯᠪᠠ᠃ 2019 ᠤᠨ ᠳᠤ ᠲᠤᠰ ᠬᠤᠰᠢᠭᠤᠨ ᠤ ᠴᠠᠬᠠᠷ ᠬᠤᠨᠢᠨ ᠤ ᠲᠤᠭ᠎ᠠ 19 ᠲᠥᠮᠡ ᠬᠥᠷᠴᠥ᠂ 195 ᠭᠤᠤᠯᠲᠠᠯᠭᠠᠲᠤ ᠰᠥᠷᠥᠭ ᠪᠠᠶᠢᠭᠤᠯᠵᠥ᠂ ᠲᠥᠷᠥᠯ ᠵᠥᠢᠯ ᠤᠨ ᠭᠠᠴᠠᠭᠠᠨ ᠤ ᠴᠠᠬᠠᠷ ᠬᠤᠨᠢᠨ ᠤ ᠬᠠᠷᠢᠴᠠᠯ 80% ᠠᠴᠠ ᠲᠡᠭᠡᠭᠰᠢ ᠶᠢ ᠡᠵᠡᠯᠡᠵᠥ ᠬᠡᠪᠴᠢᠶᠡᠵᠢᠯ ᠤᠨ ᠥᠷ᠎ᠠ ᠠᠰᠢᠭ ᠡᠲᠥᠷ ᠢᠷᠡᠬᠦᠶ᠎ᠠ ᠲᠤᠪᠤᠶᠢᠮ᠎ᠠ ᠪᠤᠯᠤᠭᠰᠠᠨ ᠪᠠᠶᠢᠨ᠎ᠠ᠃      ︽ᠬᠤᠨᠢ ᠶᠢ ᠴᠥᠭᠡᠴᠢᠯᠡᠵᠥ ᠥᠭᠡᠷ ᠢ ᠨᠡᠮᠡᠭᠲᠡᠬᠦᠯᠬᠦ︾ ᠪᠠᠶᠢᠯᠲᠤᠬᠤ ᠪᠤᠲᠤᠯᠭ᠎ᠠ ᠶᠢᠨ ᠬᠥᠨᠵᠡᠭᠡᠶᠢᠷᠡᠬᠦ ᠶᠢ ᠲᠠᠭᠠᠯᠲᠤᠨ᠂ ᠲᠤᠰ ᠬᠤᠰᠢᠭᠤᠨ ᠤ ᠮᠠᠯᠴᠢᠳ ᠤᠨ ᠥᠭᠡᠷ ᠮᠠᠯᠵᠢᠬᠤ ᠢᠲᠡᠪᠬᠢᠵᠢᠯ ᠮᠡᠲᠡᠭᠲᠡᠮ᠎ᠠ ᠲᠡᠭᠡᠭᠰᠢᠯᠡᠵᠥ᠂ ᠥᠭᠡᠷ ᠮᠠᠯᠵᠢᠬᠤ ᠥᠢᠯᠡᠰ ᠲᠤ ᠲᠤᠩ ᠰᠠᠶᠢᠨ ᠬᠥᠭᠵᠢᠯᠲᠡ ᠶᠢᠨ ᠪᠠᠶᠢᠲᠠᠯ ᠢᠯᠡᠷᠡᠪᠡ᠃ 2019 ᠤᠨ ᠳᠤ ᠲᠤᠰ ᠬᠤᠰᠢᠭᠤᠨ ᠤ ᠮᠠᠯᠵᠢᠯ ᠤᠨ ᠤᠨ ᠤ ᠥᠭᠡᠷ ᠤᠨ ᠲᠤᠭ᠎ᠠ 4 ᠲᠥᠮᠡ ᠶᠢ ᠲᠠᠪᠠᠵᠥ᠂ ᠰᠢᠮᠧᠨ᠋ᠲ᠋ᠠᠷ ᠥᠭᠡᠷ ᠤᠨ ᠭᠤᠤᠯᠲᠠᠯᠭᠠᠲᠤ ᠰᠥᠷᠥᠭ 15 ᠪᠤᠯᠵᠥ᠂ ᠰᠠᠭᠤᠷᠢ ᠡᠬᠡ ᠮᠠᠯ 597᠂ ᠬᠢᠷᠢ ᠲᠡᠩᠴᠡᠭᠰᠡᠨ ᠪᠤᠬ᠎ᠠ 487 ᠪᠤᠯᠵᠥ᠂ 40 ᠢᠴᠡᠭᠡᠯ ᠥᠷ᠎ᠠ ᠶᠢᠨ ᠬᠡᠭᠡᠯᠲᠥᠬᠦᠯᠭᠡ ᠶᠢᠨ ᠴᠡᠭ ᠪᠠᠶᠢᠭᠤᠯᠵᠠᠢ᠃       ᠴᠠᠬᠠᠷ ᠬᠤᠨᠢ ᠪᠤᠯᠤᠨ ᠰᠢᠯᠢᠲᠡᠭ ᠡᠬᠦᠯᠲᠡᠷ ᠤᠨ ᠥᠭᠡᠷ ᠮᠠᠯᠵᠢᠬᠤ ᠨᠢ ᠲᠤᠰ ᠬᠤᠰᠢᠭᠤᠨ ᠤ ᠲᠠᠪᠠᠭᠤᠯᠢᠭ ᠭᠤᠤᠯᠯᠠᠭᠴᠢ ᠠᠵᠤ ᠥᠢᠯᠡᠰ ᠪᠤᠯᠤᠭᠰᠠᠨ ᠢᠶᠠᠷ ᠪᠠᠷᠠᠬᠤ ᠥᠭᠡᠢ ᠪᠠᠰᠠ ᠶᠠᠲᠠᠭᠤ ᠠᠴᠠ ᠠᠩᠭᠢᠵᠢᠷᠠᠭᠤᠯᠵᠥ ᠤᠷᠤᠯᠭ᠎ᠠ ᠶᠢ ᠨᠡᠮᠡᠭᠲᠡᠬᠦᠯᠬᠦ ᠶᠢᠨ ᠭᠤᠤᠯᠯᠠᠭᠴᠢ ᠬᠥᠴᠥᠨ ᠪᠤᠯᠪᠠ᠃ ᠲᠤᠰ ᠬᠤᠰᠢᠭᠤ ᠬᠥᠴᠢᠷᠲᠡᠯᠲᠡᠢ ᠡᠷᠥᠭᠡ ᠶᠢ ᠬᠥᠲᠥᠯᠥᠨ ᠵᠢᠯᠤᠭᠤᠳᠴᠥ ᠴᠠᠬᠠᠷ ᠬᠤᠨᠢ ᠪᠤᠯᠤᠨ ᠰᠢᠯᠢᠲᠡᠭ ᠡᠬᠦᠯᠲᠡᠷ ᠤᠨ ᠥᠭᠡᠷ ᠮᠠᠯᠵᠢᠬᠤ ᠶᠢᠨ ᠬᠠᠮᠲᠤ ᠠᠷᠠᠴᠢᠯᠠᠭ᠎ᠠ ᠮᠠᠯᠵᠢᠯᠭ᠎ᠠ ᠪᠤᠯᠤᠨ ᠮᠡᠷᠭᠡᠵᠢᠯ ᠤᠨ ᠵᠢᠯᠤᠭᠤᠲᠤᠯᠭ᠎ᠠ ᠶᠢ ᠴᠢᠩᠭᠠᠳᠬᠠᠵᠥ᠂ ᠬᠥᠴᠢᠷᠲᠡᠯᠲᠡᠢ ᠡᠷᠥᠭᠡ ᠶᠢᠨ ᠤᠷᠤᠯᠭ᠎ᠠ ᠶᠢ ᠨᠡᠮᠡᠭᠲᠡᠬᠦᠯᠪᠠ᠃ 2014 ᠤᠨ ᠠᠴᠠ ᠨᠠᠭᠠᠰᠢ᠂ ᠨᠡᠶᠢᠲᠡ 4126 ᠲᠥᠮᠡᠨ ᠲᠥᠭᠦᠷᠢᠭ ᠤᠨ ᠪᠡᠯᠡ ᠤᠷᠤᠭᠤᠯᠵᠥ᠂ ᠬᠥᠴᠢᠷᠲᠡᠯᠲᠡᠢ ᠡᠷᠥᠭᠡ ᠶᠢ 1.86 ᠲᠥᠮᠡᠨ ᠴᠠᠬᠠᠷ ᠬᠤᠨᠢ᠂ 964 ᠰᠢᠮᠧᠨ᠋ᠲ᠋ᠠᠷ ᠥᠭᠡᠷ ᠢᠶᠠᠷ ᠲᠡᠳᠬᠦᠨ ᠲᠡᠮᠵᠢᠵᠥ᠂ ᠬᠥᠲᠡᠯᠮᠥᠷᠢ ᠬᠥᠴᠥᠨ ᠲᠠᠢ ᠬᠥᠴᠢᠷᠲᠡᠯᠲᠡᠢ ᠡᠷᠥᠭᠡ ᠨᠢ ᠴᠠᠬᠠᠷ ᠬᠤᠨᠢ᠂ ᠰᠢᠯᠢᠲᠡᠭ ᠡᠬᠦᠯᠲᠡᠷ ᠤᠨ ᠥᠭᠡᠷ ᠮᠠᠯᠵᠢᠬᠤ ᠪᠠᠷ ᠲᠠᠮᠵᠢᠭᠠᠳ ᠬᠥᠮᠥᠨ ᠲᠤᠮᠲᠠᠴᠢ ᠶᠢᠨ ᠵᠢᠯ ᠤᠨ ᠤᠷᠤᠯᠭ᠎ᠠ ᠨᠢ 2700 ᠲᠥᠭᠦᠷᠢᠭ ᠠᠴᠠ ᠲᠡᠭᠡᠭᠰᠢ ᠨᠡᠮᠡᠭᠲᠡᠭᠰᠡᠨ ᠪᠠᠶᠢᠨ᠎ᠠ᠃       ᠬᠥᠪᠡᠭᠡᠲᠥ ᠰᠢᠷ᠎ᠠ ᠬᠤᠰᠢᠭᠤ ᠥᠨᠲᠤᠰᠤᠲᠡᠨ ᠤ ᠴᠠᠭᠠᠨ ᠢᠲᠡᠭᠡᠨ ᠤ ᠥᠢᠯᠡᠰ ᠢ ᠢᠲᠡᠪᠬᠢᠲᠡᠢ ᠠᠬᠢᠭᠤᠯᠵᠥ᠂ ︽ᠰᠢᠯᠢ ᠶᠢᠨ ᠭᠤᠤᠯ ᠤᠨ ᠬᠥᠪᠡᠭᠡᠲᠥ ᠰᠢᠷ᠎ᠠ ᠶᠢᠨ ᠴᠠᠭᠠᠨ ᠢᠲᠡᠭᠡᠨ︾ ᠭᠡᠬᠦ ᠨᠡᠷᠡᠲᠥ ᠲᠡᠮᠲᠡᠭ ᠢ ᠪᠤᠢ ᠪᠤᠯᠭᠠᠵᠥ᠂ ᠰᠠᠭᠠᠯᠢ ᠶᠢᠨ ᠥᠨᠢᠶ᠎ᠠ ᠮᠠᠯᠵᠢᠬᠤ᠂ ᠪᠥᠲᠥᠭᠡᠭᠲᠡᠬᠦᠨ ᠪᠤᠯᠪᠠᠰᠤᠷᠠᠭᠤᠯᠬᠤ᠂ ᠵᠠᠬ᠎ᠠ ᠲᠡᠯᠭᠡᠭᠦᠷ ᠲᠤ ᠪᠤᠷᠤᠯᠠᠭᠤᠯᠬᠤ᠂ ᠨᠡᠷᠡᠲᠥ ᠲᠡᠮᠲᠡᠭ ᠡᠬᠦᠳᠬᠦ᠂ ᠰᠤᠶᠤᠯ ᠵᠢᠭᠤᠯᠴᠢᠯᠠᠯ ᠵᠡᠷᠭᠡ ︽ᠲᠠᠪᠤ ᠶᠢ ᠨᠢᠭᠡ ᠴᠤᠭᠴᠠᠵᠢᠭᠤᠯᠵᠥ︾᠂ ᠨᠢᠭᠡᠲᠥᠯᠲᠡᠢ ᠲᠠᠸᠠᠷ ᠤᠨ ᠲᠡᠮᠲᠡᠭ ᠨᠢᠭᠡᠲᠥᠯᠲᠡᠢ ᠪᠠᠷᠢᠮᠵᠢᠶ᠎ᠠ᠂ ᠨᠢᠭᠡᠲᠥᠯᠲᠡᠢ ᠪᠤᠭᠤᠲᠠᠯᠯᠠᠬᠤ᠂ ᠨᠢᠭᠡᠲᠥᠯᠲᠡᠢ ᠡᠵᠡᠩᠨᠡᠨ ᠪᠤᠷᠤᠯᠠᠭᠤᠯᠬᠤ ︽ᠲᠥᠷᠪᠡᠨ ᠨᠢᠭᠡᠲᠥᠯᠲᠡᠢ ᠪᠠᠶᠢᠬᠤ︾ ᠪᠤᠯᠤᠨ ᠲᠤᠯᠤᠭᠠᠢᠢᠯᠠᠬᠴᠢ ᠠᠵᠤ ᠠᠬᠤᠢᠢᠯᠠᠯ ᠲᠠᠭᠠᠭᠤᠯᠤᠭᠰᠠᠨ᠂ ᠭᠠᠷ ᠥᠢᠯᠡᠳᠭᠡᠯ ᠪᠤᠯᠤᠨ ᠵᠢᠵᠢᠭ ᠥᠢᠯᠡᠳᠪᠤᠷᠢ ᠬᠠᠮᠲᠤᠷᠠᠭᠰᠠᠨ ᠡᠵᠡᠩᠨᠡᠯᠲᠡ ᠶᠢᠨ ᠬᠡᠯᠪᠡᠷᠢ ᠶᠢᠨ ︽ᠬᠤᠶᠠᠷ ᠵᠠᠭᠪᠤᠷ︾ ᠤᠨ ᠠᠵᠤ ᠥᠢᠯᠡᠰ ᠤᠨ ᠬᠥᠭᠵᠢᠯᠲᠡ ᠶᠢᠨ ᠰᠡᠳᠬᠢᠴᠡ ᠶᠢ ᠪᠥᠷᠢᠯᠲᠥᠬᠦᠯᠵᠥ᠂ 4000 ᠲᠥᠮᠡᠨ ᠲᠥᠭᠦᠷᠢᠭ ᠤᠨ ᠪᠡᠯᠡ ᠵᠠᠷᠤᠴᠠᠭᠤᠯᠤᠨ ᠶᠠᠲᠠᠭᠤ ᠶᠢ ᠲᠡᠳᠬᠦᠬᠦ ᠠᠵᠤ ᠥᠢᠯᠡᠰ ᠤᠨ ᠬᠥᠷᠢᠶᠡᠯᠡᠩ ᠪᠠᠶᠢᠭᠤᠯᠵᠥ᠂ ᠬᠠᠮᠲᠤ ᠶᠢᠨ ᠲᠠᠸᠠᠷ ᠤᠨ ᠲᠡᠮᠲᠡᠭ ᠢ ᠲᠠᠩᠰᠠᠯᠠᠭᠤᠯᠵᠥ᠂ ᠢᠲᠡᠪᠬᠢᠲᠡᠢ ᠪᠠᠷ ᠲᠥᠷᠥᠯ ᠵᠥᠢᠯ ᠤᠨ ᠪᠡᠯᠡ ᠮᠥᠡᠭᠭᠦ ᠡᠷᠡᠮᠡᠯᠵᠡᠵᠥ᠂ ᠠᠵᠤ ᠥᠢᠯᠡᠰ ᠢ ᠲᠡᠳᠬᠦᠨ ᠲᠡᠮᠵᠢᠬᠦ ᠡᠷᠴᠢᠮ ᠢᠶᠠᠨ ᠴᠢᠩᠭᠠᠷᠠᠭᠤᠯᠤᠭᠰᠠᠨ ᠪᠠᠶᠢᠨ᠎ᠠ᠃ ᠤᠲᠤᠬᠠᠨ ᠪᠥᠬᠦ ᠬᠤᠰᠢᠭᠤᠨ ᠳᠤ 326 ᠮᠠᠯᠵᠢᠬᠤ ᠡᠷᠥᠭᠡ ᠰᠠᠭᠠᠯᠢ ᠶᠢᠨ ᠥᠨᠢᠶ᠎ᠠ ᠮᠠᠯᠵᠢᠨ ᠴᠠᠭᠠᠨ ᠢᠲᠡᠭᠡ ᠪᠤᠯᠪᠠᠰᠤᠷᠠᠭᠤᠯᠤᠨ ᠪᠤᠷᠤᠯᠠᠭᠤᠯᠵᠥ᠂ ᠡᠬᠦᠨ ᠳᠤ ᠬᠥᠴᠢᠷᠲᠡᠯᠲᠡᠢ ᠡᠷᠥᠭᠡ ᠪᠠᠷᠤᠭ 10% ᠶᠢ ᠡᠵᠡᠯᠡᠵᠥ᠂ ᠬᠥᠮᠥᠨ ᠲᠤᠮᠲᠠᠴᠢ ᠶᠢᠨ ᠴᠡᠪᠡᠷ ᠠᠰᠢᠭ ᠤᠯᠵᠠᠪᠤᠷᠢ 3 ᠲᠥᠮᠡᠨ ᠲᠥᠭᠦᠷᠢᠭ ᠬᠥᠷᠴᠥ ᠪᠤᠢ᠃       ᠭᠠᠴᠠᠭᠠᠨ ᠤ ᠬᠠᠮᠲᠤ ᠶᠢᠨ ᠠᠵᠤ ᠠᠬᠤᠢ ᠶᠢ ᠬᠥᠭᠵᠢᠬᠦᠯᠬᠦ ᠪᠤᠯ ᠶᠠᠲᠠᠭᠤ ᠠᠴᠠ ᠠᠩᠭᠢᠵᠢᠷᠠᠭᠤᠯᠬᠤ ᠪᠤᠭᠤᠮᠲᠠ ᠰᠢᠪᠲᠤᠯᠬᠤ ᠶᠢᠨ ᠴᠢᠬᠤᠯᠠ ᠭᠤᠭᠴᠤᠭ᠎ᠠ ᠪᠤᠯᠤᠨ ᠮᠠᠯ ᠠᠵᠤ ᠠᠬᠤᠢ ᠶᠢ ᠬᠥᠴᠥᠷᠭᠡᠭᠵᠢᠬᠦᠯᠬᠦ᠂ ᠮᠠᠯᠵᠢᠬᠤ ᠤᠷᠤᠨ ᠢ ᠭᠤᠶᠤᠵᠢᠭᠤᠯᠬᠤ᠂ ᠮᠠᠯᠴᠢᠳ ᠤᠨ ᠠᠮᠢᠲᠤᠷᠠᠯ ᠢ ᠴᠢᠨᠡᠭᠡᠯᠢᠭᠵᠢᠬᠦᠯᠬᠦ ᠴᠢᠬᠤᠯᠠ ᠠᠷᠭ᠎ᠠ ᠬᠡᠮᠵᠢᠶ᠎ᠠ ᠪᠤᠯᠤᠨ᠎ᠠ᠃ ᠲᠤᠰ ᠬᠤᠰᠢᠭᠤ ᠵᠠᠰᠠᠭ ᠵᠠᠬᠢᠷᠭᠠᠨ ᠤ ᠬᠢᠵᠠᠭᠠᠷᠯᠠᠯ ᠢ ᠡᠪᠲᠡᠵᠥ᠂ ᠪᠥᠬᠦ ᠬᠤᠰᠢᠭᠤᠨ ᠤ ᠲᠤᠰᠬᠠᠢ ᠠᠷᠠᠴᠢᠯᠠᠨ ᠮᠠᠯᠵᠢᠬᠤ᠂ ᠰᠤᠶᠤᠯ ᠵᠢᠭᠤᠯᠴᠢᠯᠠᠯ᠂ ᠲᠡᠵᠢᠭᠡᠯ ᠪᠤᠷᠲᠤᠭ᠎ᠠ ᠥᠢᠯᠡᠳᠪᠤᠷᠢᠯᠡᠬᠦ ᠪᠤᠯᠤᠨ ᠮᠠᠰᠢᠨ ᠲᠤᠨᠤᠭᠯᠠᠯ ᠵᠡᠷᠭᠡ 4 ᠤᠨᠴᠠᠯᠢᠬᠲᠤ ᠠᠵᠤ ᠥᠢᠯᠡᠰ ᠤᠨ ᠲᠤᠭᠤᠷᠢᠨ ᠳᠤ ᠭᠠᠴᠠᠭᠠᠨ ᠤ ᠬᠠᠮᠲᠤ ᠶᠢᠨ ᠠᠵᠤ ᠠᠬᠤᠢ ᠶᠢᠨ ᠠᠭᠤᠰᠤᠯᠴᠠᠭᠰᠠᠨ ᠬᠥᠭᠵᠢᠯᠲᠡ ᠶᠢᠨ ᠬᠡᠪ ᠵᠠᠬᠪᠤᠷ ᠢ ᠪᠥᠷᠢᠯᠲᠥᠬᠦᠯᠵᠥ᠂ ᠬᠥᠲᠡᠭᠡ ᠲᠤᠰᠬᠤᠨ ᠢ ᠬᠥᠭᠵᠢᠬᠦᠯᠥᠨ ᠮᠠᠨᠲᠤᠭᠤᠯᠬᠤ ᠠᠵᠤ ᠥᠢᠯᠡᠰ ᠤᠨ ᠰᠠᠭᠤᠷᠢ ᠶᠢ ᠪᠠᠲᠤᠳᠬᠠᠵᠥ᠂ ᠶᠠᠲᠠᠭᠤ ᠠᠴᠠ ᠠᠩᠭᠢᠵᠢᠷᠠᠭᠤᠯᠬᠤ ᠲᠠᠶᠢᠯᠠᠯᠲᠤᠭᠠᠨ ᠳᠤ ᠬᠥᠴᠥᠨ ᠨᠡᠮᠡᠷᠢᠯᠡᠵᠡᠢ᠃ ᠪᠠᠶᠠᠨᠲᠠᠯ᠎ᠠ ᠪᠠᠯᠭᠠᠰᠤ ᠶᠢᠨ ᠬᠥᠨᠲᠡᠯᠡᠨ ᠭᠠᠴᠠᠭ᠎ᠠ ᠪᠤᠯ ᠲᠤᠰ ᠬᠤᠰᠢᠭᠤᠨ ᠤ 11 ᠬᠥᠴᠢᠷᠲᠡᠯᠲᠡᠢ ᠭᠠᠴᠠᠭᠠᠨ ᠤ ᠨᠢᠭᠡ ᠨᠢ ᠪᠤᠯᠤᠨ᠎ᠠ᠃ ᠤᠢᠢᠷ᠎ᠠ ᠶᠢᠨ ᠡᠲᠥᠷ ᠲᠤᠰ ᠭᠠᠴᠠᠭ᠎ᠠ 70 ᠲᠥᠮᠡᠨ ᠲᠥᠭᠦᠷᠢᠭ ᠤᠨ ᠬᠠᠮᠲᠤ ᠶᠢᠨ ᠠᠵᠤ ᠠᠬᠤᠢ ᠶᠢᠨ ᠬᠥᠭᠵᠢᠯᠲᠡ ᠶᠢᠨ ᠲᠥᠷᠥᠯ ᠵᠥᠢᠯ ᠤᠨ ᠪᠡᠯᠡ ᠤᠷᠤᠭᠤᠯᠤᠨ᠂ 36 ᠰᠢᠮᠧᠨ᠋ᠲ᠋ᠠᠷ ᠥᠭᠡᠷ ᠤᠷᠤᠭᠤᠯᠵᠥ᠂ ᠰᠢᠯᠵᠢᠬᠦᠯᠥᠨ ᠡᠵᠡᠩᠨᠡᠬᠦ᠂ ᠲᠥᠯᠥᠪᠤᠷᠢ ᠥᠭᠭᠦ ᠬᠡᠯᠪᠡᠷᠢ ᠪᠠᠷ ᠨᠤᠲᠤᠭ ᠪᠡᠯᠴᠢᠭᠡᠷ ᠪᠤᠯᠤᠨ ᠰᠠᠭᠤᠷᠢ ᠲᠥᠭᠦᠭᠡᠷᠥᠮᠵᠢ ᠶᠢᠨ ᠨᠥᠬᠦᠴᠡᠯ ᠰᠠᠶᠢᠨ᠂ ᠲᠠᠭᠠᠭᠠᠴᠢᠯᠠᠨ ᠮᠠᠯᠵᠢᠬᠤ ᠰᠠᠨᠠᠭᠠᠲᠠᠢ 9 ᠮᠠᠯᠵᠢᠯ ᠤᠨ ᠲᠤᠮᠤ ᠡᠷᠥᠭᠡ ᠳᠤ ᠲᠠᠭᠠᠭᠠᠴᠢᠯᠠᠭᠤᠯᠪᠠ᠃ ᠲᠤᠰ ᠭᠠᠴᠠᠭᠠᠨ ᠤ ᠨᠢᠭᠡᠲᠥᠭᠡᠷ ᠱᠥᠵᠢ ᠲᠥᠪᠲᠤᠨᠨᠢᠮ᠎ᠠ ᠶᠢᠨ ᠲᠠᠨᠢᠯᠴᠠᠭᠤᠯᠤᠭᠰᠠᠨ ᠢᠶᠠᠷ᠂ ᠡᠨᠡ ᠪᠥᠯᠥᠭ ᠥᠭᠡᠷ ᠢ ᠬᠤᠶᠠᠷ ᠵᠢᠯ ᠤᠨ ᠬᠤᠭᠤᠴᠠᠭ᠎ᠠ ᠲᠠᠢ ᠪᠠᠷ ᠲᠠᠭᠠᠭᠠᠴᠢᠯᠠᠭᠤᠯᠵᠥ᠂ ᠲᠠᠭᠠᠭᠠᠴᠢᠯᠠᠨ ᠮᠠᠯᠵᠢᠭᠰᠠᠨ ᠡᠷᠥᠭᠡ ᠵᠢᠯ ᠪᠤᠯᠭᠠᠨ ᠨᠢᠭᠡ ᠥᠭᠡᠷ ᠤᠨ 1600 ᠲᠥᠭᠦᠷᠢᠭ ᠤᠨ ᠲᠥᠯᠥᠪᠤᠷᠢ ᠲᠤᠰᠢᠶᠠᠬᠤ ᠪᠤᠯᠬᠤᠷ ᠨᠢᠭᠡ ᠵᠢᠯ ᠳᠤ 5.76 ᠲᠥᠮᠡᠨ ᠲᠥᠭᠦᠷᠢᠭ ᠤᠨ ᠬᠠᠮᠲᠤ ᠶᠢᠨ ᠠᠵᠤ ᠠᠬᠤᠢ ᠶᠢᠨ ᠤᠷᠤᠯᠭ᠎ᠠ ᠡᠬᠦᠳᠬᠦ ᠪᠤᠯᠤᠨ᠎ᠠ᠃ ᠡᠬᠦᠨ ᠳᠤ ᠤᠷᠤᠯᠭ᠎ᠠ ᠶᠢᠨ 50% ᠶᠢ ᠬᠠᠮᠲᠤ ᠶᠢᠨ ᠠᠵᠤ ᠠᠬᠤᠢ ᠶᠢᠨ ᠬᠤᠷᠠᠮᠲᠤᠭᠤᠯᠭ᠎ᠠ ᠳᠤ ᠤᠷᠤᠭᠤᠯᠵᠥ᠂ 30% ᠶᠢ ᠲᠥᠷ ᠴᠠᠭ ᠤᠨ ᠠᠪᠤᠷᠠᠨ ᠲᠤᠰᠠᠯᠠᠵᠥ ᠲᠠᠬᠢᠨ ᠶᠠᠲᠠᠭᠤᠷᠠᠬᠤ ᠠᠴᠠ ᠰᠡᠷᠭᠡᠶᠢᠯᠡᠬᠦ ᠳᠤ ᠬᠡᠷᠡᠭᠯᠡᠵᠥ᠂ 20% ᠶᠢ ᠨᠢ ᠴᠢᠬᠤᠯᠠ ᠪᠥᠬᠦᠢ ᠵᠠᠷᠤᠲᠠᠯ ᠵᠢᠴᠢ ᠤᠷᠴᠢᠨ ᠲᠤᠭᠤᠷᠢᠨ ᠤ ᠴᠡᠭᠴᠡᠯᠡᠨ ᠵᠠᠰᠠᠯᠲᠠ ᠳᠤ ᠵᠠᠷᠤᠴᠠᠭᠤᠯᠵᠥ᠂ ᠶᠠᠲᠠᠭᠤ ᠠᠴᠠ ᠠᠩᠭᠢᠵᠢᠷᠠᠭᠤᠯᠤᠭᠰᠠᠨ ᠥᠷ᠎ᠠ ᠪᠥᠲᠥᠭᠡᠯ ᠢ ᠪᠠᠬᠢᠵᠢᠬᠦᠯᠬᠦ ᠶᠢᠨ ᠵᠡᠷᠭᠡᠪᠡᠷ ᠮᠠᠯᠴᠢᠳ ᠲᠠᠭᠠᠨ ᠬᠥᠭᠵᠢᠯᠲᠡ ᠶᠢᠨ ᠥᠷ᠎ᠠ ᠠᠰᠢᠭ ᠢ ᠬᠥᠷᠲᠡᠭᠡᠬᠦ ᠪᠤᠯᠤᠨ᠎ᠠ᠃       2019 ᠤᠨ ᠳᠤ ᠲᠤᠰ ᠬᠤᠰᠢᠭᠤᠨ ᠤ ᠪᠥᠬᠦ ᠭᠠᠴᠠᠭᠠᠨ ᠤ ᠬᠠᠮᠲᠤ ᠶᠢᠨ ᠠᠵᠤ ᠠᠬᠤᠢ ᠶᠢᠨ ᠶᠡᠷᠥᠩᠭᠡᠢ ᠤᠷᠤᠯᠭ᠎ᠠ 478 ᠲᠥᠮᠡᠨ ᠲᠥᠭᠦᠷᠢᠭ ᠬᠥᠷᠴᠥ᠂ 60 ᠭᠠᠴᠠᠭᠠᠨ ᠤ ᠬᠠᠮᠲᠤ ᠶᠢᠨ ᠠᠵᠤ ᠠᠬᠤᠢ ᠶᠢᠨ ᠤᠷᠤᠯᠭ᠎ᠠ ᠨᠢ ᠪᠦᠬᠦᠨ ᠢᠶᠠᠷ ᠢᠶᠠᠨ 3 ᠲᠥᠮᠡᠨ ᠲᠥᠭᠦᠷᠢᠭ ᠢ ᠲᠠᠪᠠᠵᠥ᠂ ᠡᠬᠦᠨ ᠳᠤ 30 ᠭᠠᠴᠠᠭᠠᠨ ᠤ ᠬᠠᠮᠲᠤ ᠶᠢᠨ ᠠᠵᠤ ᠠᠬᠤᠢ ᠶᠢᠨ ᠤᠷᠤᠯᠭ᠎ᠠ ᠨᠢ 5 ᠲᠥᠮᠡᠨ ᠲᠥᠭᠦᠷᠢᠭ ᠢ ᠲᠠᠪᠠᠭᠰᠠᠨ ᠪᠠᠶᠢᠨ᠎ᠠ᠃
 
ᠢᠷᠡᠯᠲᠡ᠄ ᠰᠢᠯᠢ ᠶᠢᠨ ᠭᠣᠣᠯ ᠤᠨ ᠮᠣᠩᠭᠣᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号