ᠮᠠᠯᠴᠢᠨ ᠪᠦᠰᠡᠭᠦᠢ ᠰᠢᠷᠠᠰᠤᠨ ᠤ ᠰᠢᠬᠢᠷ ᠬᠢᠵᠤ ᠬᠤᠳᠠᠯᠳᠤᠭᠠᠳ 4 ᠵᠢᠯ ᠳᠤ 100 ᠲᠦᠮᠡᠨ ᠲᠦᠭᠦᠷᠢᠭ ᠤᠨ ᠴᠡᠪᠡᠷ ᠤᠷᠤᠯᠭ᠎ᠠ ᠡᠬᠦᠳᠪᠡ
ᠨᠡᠶᠢᠲᠡᠯᠡᠭᠰᠡᠨ ᠴᠠᠭ᠄
2020/8/19
     ᠬᠦᠪᠡᠭᠡᠲᠦ ᠰᠢᠷ᠎ᠠ ᠬᠤᠰᠢᠭᠤᠨ ᠤ ᠪᠠᠶᠠᠨᠲᠠᠯ᠎ᠠ ᠪᠠᠯᠭᠠᠰᠤᠨ ᠤ ᠪᠠᠭᠠᠳᠠᠪᠣᠰᠤ ᠭᠠᠴᠠᠭᠠᠨ ᠤ ᠮᠠᠯᠴᠢᠨ ᠪᠦᠰᠡᠭᠦᠢ ᠶᠡᠷᠡᠨᠳᠤᠶᠠᠭ᠎ᠠ ᠰᠢᠷᠠᠰᠤᠨ ᠤ ᠰᠢᠬᠢᠷ ᠬᠢᠵᠤ ᠬᠤᠳᠠᠯᠳᠤᠭᠠᠳ 4 ᠵᠢᠯ ᠳᠤ 100 ᠲᠦᠮᠡᠨ ᠲᠥᠭᠦᠷᠢᠭ ᠤᠨ ᠴᠡᠪᠡᠷ ᠤᠷᠤᠯᠭ᠎ᠠ ᠣᠯᠵᠠᠢ᠃      ᠶᠡᠷᠡᠨᠳᠤᠶᠠᠭ᠎ᠠ 2014ᠣᠨ ᠳᠤ ᠬᠤᠰᠢᠭᠤᠨ ᠲᠥᠪ ᠰᠢᠨᠡᠪᠤᠯᠠᠭ ᠪᠠᠯᠭᠠᠰᠤᠨ ᠳᠤ ᠴᠠᠭᠠᠨ ᠢᠳᠡᠭᠡᠨ ᠤ ᠳᠡᠯᠭᠡᠭᠦᠷ ᠡᠷᠬᠢᠯᠡᠵᠦ᠂ ᠴᠠᠭᠠᠨ ᠢᠳᠡᠭᠡᠨ ᠪᠤᠯᠪᠠᠰᠤᠷᠠᠭᠤᠯᠵᠤ ᠬᠤᠳᠠᠯᠳᠤᠵᠤ ᠡᠬᠢᠯᠡᠭᠰᠡᠨ ᠶᠤᠮ᠃ ᠠᠩᠬ᠎ᠠ ᠡᠬᠢᠨ ᠳᠤ ᠲᠡᠷᠡ ᠡᠳᠦᠷ ᠲᠤ 100 ᠭᠠᠷᠤᠢ ᠵᠢᠩ ᠰᠦ ᠬᠤᠷᠢᠶᠠᠭᠰᠠᠨ ᠡᠳ᠋ᠰᠢᠬᠦᠯᠦᠨ ᠪᠤᠯᠪᠠᠰᠤᠷᠠᠭᠤᠯᠵᠤ᠂ ᠪᠦᠳᠦᠭᠡᠭᠳᠡᠬᠦᠨ ᠢᠶᠠᠨ ᠪᠤᠷᠤᠯᠠᠭᠤᠯᠵᠤ ᠳᠡᠶᠢᠯᠬᠦ ᠦᠭᠡᠢ ᠭᠠᠴᠢᠭᠳᠠᠵᠤ᠂ ᠨᠦᠬᠦᠷ ᠲᠠᠢ ᠪᠠᠨ ᠬᠤᠶᠠᠭᠤᠯᠠ ᠣᠶᠢᠷ᠎ᠠ ᠬᠠᠪᠢ ᠶᠢᠨ ᠬᠤᠰᠢᠭᠤ ᠰᠢᠶᠠᠨ ᠳᠤ ᠴᠠᠭᠠᠨ ᠢᠳᠡᠭᠡᠨ ᠢᠶᠠᠨ ᠲᠡᠭᠡᠭᠡᠵᠦ ᠤᠯᠴᠠᠶᠢᠭᠠᠳ ᠪᠤᠷᠤᠯᠠᠭᠤᠯᠵᠤ ᠴᠤ ᠦᠩᠭᠡᠷᠡᠵᠡᠢ᠃ ᠡᠨᠡ ᠨᠢ ᠬᠡᠳᠦᠶᠢᠪᠡᠷ ᠵᠦᠳᠡᠷᠡᠯᠳᠡᠢ ᠪᠠᠶᠢᠭᠰᠠᠨ ᠪᠤᠯᠪᠠᠴᠤ ᠴᠠᠭᠠᠨ ᠢᠳᠡᠭᠡᠨ ᠨᠢ ᠬᠡᠷᠡᠭᠯᠡᠭᠴᠢᠳ ᠲᠤ ᠲᠠᠨᠢᠭᠳᠠᠵᠤ ᠡᠬᠢᠯᠡᠨ᠂ ᠬᠤᠶᠠᠳᠤᠭᠠᠷ ᠵᠢᠯ ᠠᠴᠠ ᠨᠢ ᠡᠬᠢᠯᠡᠨ᠂ ᠪᠤᠷᠤᠯᠠᠭᠤᠯᠭ᠎ᠠ ᠨᠢ ᠰᠠᠶᠢᠵᠢᠷᠠᠵᠤ᠂ ᠵᠠᠬᠢᠶᠠᠯᠠᠭ᠎ᠠ ᠨᠢ ᠲᠠᠰᠤᠷᠠᠯᠲᠠ ᠦᠭᠡᠢ ᠨᠡᠮᠡᠭᠳᠡᠵᠦ ᠢᠷᠡᠬᠦ ᠪᠠᠷ ᠡᠳᠦᠷ ᠲᠤ 400 ᠭᠠᠷᠤᠢ ᠵᠢᠩ ᠰᠦ ᠡᠳᠰᠢᠬᠦᠯᠦᠨ ᠪᠤᠯᠪᠠᠰᠤᠷᠠᠭᠤᠯᠳᠠᠭ ᠪᠣᠯᠪᠠ᠃      ᠴᠠᠭᠠᠨ ᠢᠳᠡᠭᠡᠨ ᠡᠳ᠋ᠰᠢᠬᠦᠯᠦᠨ ᠪᠤᠯᠪᠠᠰᠤᠷᠠᠭᠤᠯᠬᠤ ᠳᠤ ᠰᠢᠷᠠᠰᠤ ᠶᠡᠭᠡᠪᠡᠷ ᠬᠡᠭᠡᠭᠳᠡᠵᠦ ᠪᠠᠶᠢᠭ᠎ᠠ ᠶᠢ ᠬᠠᠷᠠᠭᠠᠳ ᠶᠡᠷᠡᠨᠳᠤᠶᠠᠭ᠎ᠠ ᠰᠢᠬᠢᠷ ᠬᠢᠵᠤ ᠪᠤᠷᠤᠯᠠᠭᠤᠯᠬᠤ ᠰᠠᠨᠠᠭ᠎ᠠ ᠤᠷᠤᠵᠤ᠂ ᠬᠤᠰᠢᠭᠤᠨ ᠤ ᠡᠷᠬᠢᠯᠡᠭᠰᠡᠨ ᠰᠢᠷᠠᠰᠤᠨ ᠤ ᠰᠢᠬᠢᠷ ᠬᠢᠬᠦ ᠪᠤᠯᠪᠠᠰᠤᠷᠠᠯ ᠳᠤ ᠤᠷᠤᠯᠴᠠᠨ᠂ ᠡᠨᠡ ᠲᠠᠯ᠎ᠠ ᠪᠠᠷ ᠬᠢ ᠠᠷᠭ᠎ᠠ ᠲᠤᠷᠰᠢᠯᠭ᠎ᠠ ᠶᠢ ᠬᠤᠷᠠᠮᠳᠤᠭᠤᠯᠤᠭᠰᠠᠨ ᠢᠶᠠᠷ᠂ ᠤᠳᠠᠯ ᠦᠭᠡᠢ ᠠᠮᠳᠠᠯᠢᠭ ᠰᠠᠶᠢᠬᠠᠨ ᠰᠢᠷᠠᠰᠤᠨ ᠤ ᠰᠢᠬᠢᠷ ᠢ ᠬᠢᠵᠤ ᠭᠠᠷᠭᠠᠭᠰᠠᠨ ᠪᠠᠶᠢᠨ᠎ᠠ᠃ ᠡᠨᠡ ᠰᠢᠬᠢᠷ ᠢ ᠨᠢ ᠬᠦᠬᠡᠬᠤᠲᠠ ᠶᠢᠨ ᠨᠢᠭᠡᠨ ᠬᠡᠷᠡᠭᠯᠡᠭᠴᠢ ᠠᠮᠲᠠᠯᠠᠵᠤ ᠦᠵᠡᠭᠡᠳ ᠶᠡᠭᠡᠪᠡᠷ ᠲᠣᠭᠤᠵᠣ᠂ ᠨᠢᠷᠭᠡᠯ᠎ᠡ ᠳᠡᠭᠡᠷ᠎ᠡ 100 ᠵᠢᠩ ᠵᠠᠬᠢᠶᠠᠯᠠᠨ ᠬᠢᠯᠭᠡᠭᠰᠡᠨ ᠪᠠᠶᠢᠨ᠎ᠠ᠃      ᠰᠢᠷᠠᠰᠤᠨ ᠤ ᠰᠢᠬᠢᠷ ᠤᠨ ᠪᠤᠷᠤᠯᠠᠭᠤᠯᠭ᠎ᠠ ᠨᠢ ᠰᠠᠶᠢᠵᠢᠷᠠᠬᠤ ᠶᠢ ᠳᠠᠭᠠᠯᠳᠤᠨ᠂ ᠶᠡᠷᠡᠨᠳᠤᠶᠠᠭ᠎ᠠ ᠮᠠᠰᠢᠨ ᠲᠦᠭᠦᠭᠡᠷᠦᠮᠵᠢ ᠪᠠᠨ ᠰᠢᠨᠡᠳᠭᠡᠨ᠂ ᠦᠢᠯᠡᠳᠪᠦᠷᠢᠯᠡᠬᠦ ᠴᠢᠳᠠᠪᠤᠷᠢ ᠪᠠᠨ ᠨᠡᠮᠡᠭᠳᠡᠬᠦᠯᠬᠦ ᠶᠢᠨ ᠬᠠᠮᠲᠤ ᠸᠢᠴᠠᠲ᠂ ᠴᠤᠤᠷᠢᠶ᠎ᠠ ᠵᠡᠷᠭᠡ ᠲᠠᠪᠴᠠᠩ ᠢ ᠠᠰᠢᠭᠯᠠᠨ᠂ ᠣᠳᠣ ᠪᠦᠬᠦ ᠤᠯᠤᠰ ᠤᠨ ᠡᠯ᠎ᠡ ᠭᠠᠵᠠᠷ ᠠᠴᠠ ᠰᠢᠷᠠᠰᠤᠨ ᠤ ᠰᠢᠬᠢᠷ ᠤᠨ ᠵᠠᠬᠢᠶᠠᠯᠠᠭ᠎ᠠ ᠲᠤᠰᠬᠤ ᠪᠣᠯᠵᠤ᠂ ᠲᠦᠷᠭᠡᠨ ᠭᠤᠪᠢᠭᠤᠯᠭ᠎ᠠ ᠪᠠᠷ ᠪᠠᠷᠠᠭ᠎ᠠ ᠶᠠᠪᠤᠭᠤᠯᠤᠭᠠᠳ ᠶᠠᠭᠠᠷᠠᠬᠤ ᠪᠣᠯᠪᠠ᠃ ᠡᠳᠦᠷ ᠲᠤ 1200 ᠵᠢᠩ ᠰᠦ ᠡᠳ᠋ᠰᠢᠬᠦᠯᠦᠨ ᠪᠤᠯᠪᠠᠰᠤᠷᠠᠭᠤᠯᠵᠤ᠂ ᠵᠢᠯ ᠤᠨ ᠴᠡᠪᠡᠷ ᠣᠷᠣᠯᠭ᠎ᠠ ᠨᠢ 40 ᠲᠥᠮᠡᠨ ᠲᠦᠭᠦᠷᠢᠭ ᠲᠤ ᠬᠦᠷᠴᠦ ᠪᠠᠶᠢᠭ᠎ᠠ ᠶᠢᠨ ᠲᠤᠳᠤᠷ᠎ᠠ ᠰᠢᠷᠠᠰᠤᠨ ᠤ ᠰᠢᠬᠢᠷ ᠪᠤᠷᠤᠯᠠᠭᠤᠯᠤᠭᠰᠠᠨ ᠤᠷᠤᠯᠭ᠎ᠠ ᠨᠢ 60 % ᠠᠴᠠ ᠲᠡᠭᠡᠭᠰᠢ ᠳᠤ ᠬᠦᠷᠪᠡ᠃      ᠡᠨᠡ ᠵᠢᠯ ᠤᠨ 6 ᠰᠠᠷ᠎ᠠ ᠳᠤ ᠶᠡᠷᠡᠨᠳᠤᠶᠠᠭ᠎ᠠ ᠪᠠᠶᠠᠵᠢᠨ᠎ᠠ ᠴᠠᠭᠠᠨ ᠢᠳᠡᠭᠡᠨ ᠤ ᠬᠢᠵᠠᠭᠠᠷᠳᠤ ᠺᠤᠮᠫᠠᠨᠢ ᠪᠠᠨ ᠳᠠᠩᠰᠠᠯᠠᠭᠤᠯᠤᠭᠰᠠᠨ ᠪᠦᠭᠡᠳ ︽ᠪᠡᠶᠡᠵᠢᠨ᠎ᠠ︾ ᠭᠡᠬᠦ ᠲᠠᠸᠠᠷ ᠤᠨ ᠳᠡᠮᠳᠡᠭ ᠳᠠᠩᠰᠠᠯᠠᠭᠤᠯᠵᠤ᠂ ᠡᠯ᠎ᠡ ᠲᠥᠷᠦᠯ ᠤᠨ ᠴᠠᠭᠠᠨ ᠢᠳᠡᠭᠡᠨ ᠤ ᠪᠦᠳᠦᠭᠡᠭᠳᠡᠬᠦᠨ ᠳᠡᠭᠡᠨ ᠪᠠᠰᠠ ᠵᠢᠥᠷᠤᠭᠠᠰᠤᠨ ᠺᠣᠲ ᠡᠷᠡᠮᠡᠯᠵᠡᠯᠡᠵᠤ᠂ 9 ᠰᠠᠷ᠎ᠠ ᠶᠢ ᠦᠢᠯᠡᠳᠪᠦᠷᠢᠯᠡᠯ ᠤᠨ ᠲᠠᠰᠤᠭ ᠢᠶᠠᠨ ᠬᠤᠰᠢᠭᠤᠨ ᠤ ᠦᠨᠳᠦᠰᠦᠳᠡᠨ ᠤ ᠤᠯᠠᠮᠵᠢᠯᠠᠯᠲᠤ ᠴᠠᠭᠠᠨ ᠢᠳᠡᠭᠡᠨ ᠤ ᠠᠵᠤ ᠦᠢᠯᠡᠰ ᠤᠨ ᠲᠤᠭᠤᠷᠢᠭ ᠲᠤ ᠨᠡᠬᠦᠯᠭᠡᠬᠦ ᠪᠠᠷ ᠪᠡᠯᠡᠳᠭᠡᠵᠦ ᠪᠣᠢ᠃
 
ᠢᠷᠡᠯᠲᠡ᠄ ᠬᠦᠪᠡᠭᠡᠲᠦ ᠰᠢᠷ᠎ᠠ ᠬᠣᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号