ᠲᠠᠯᠪᠢᠭᠤᠷ ᠭᠠᠴᠠᠭᠠᠨ ᠤ ᠲᠡᠮᠦᠷ ᠬᠡᠤᠬᠡᠨᠴᠤᠳ ᠤᠨ ᠴᠤᠭᠯᠠᠭᠠᠨ ᠶᠠᠪᠤᠬᠳᠠᠬᠰᠡᠨ
ᠨᠡᠶᠢᠲᠡᠯᠡᠭᠰᠡᠨ ᠴᠠᠭ᠄
2020/8/31
     ᠲᠡᠮᠦᠷ ᠬᠡᠤᠬᠡᠨᠴᠤᠳ ᠤᠨ ᠡᠷᠡᠰ ᠬᠠᠲᠠᠨ᠂ ᠬᠦᠳᠡᠯᠮᠤᠷᠢ ᠳᠤ ᠬᠠᠶᠢᠷᠠᠲᠠᠢ ᠪᠠᠶᠢᠳᠠᠭ ᠵᠤᠷᠢᠭ ᠰᠠᠨᠠᠭ᠎ᠠ ᠶᠢ ᠲᠠᠭᠠᠨ ᠰᠤᠷᠤᠯᠴᠠᠵᠦ᠂ ᠦᠷ᠎ᠡ ᠬᠤᠶᠢᠴᠢᠰ ᠲᠠᠭᠠᠨ ᠤᠯᠠᠮᠵᠢᠯᠠᠭᠤᠯᠬᠤ ᠵᠤᠷᠢᠯᠭ᠎ᠠ ᠪᠠᠷ᠂ 8 ᠰᠠᠷ᠎ᠠ ᠶᠢᠨ 25 ᠤ ᠡᠳᠤᠷ᠂ ᠪᠣᠬᠳᠠ  ᠶᠢᠨ ᠭᠤᠣᠯ ᠰᠣᠮᠣᠨ ᠤ ᠲᠠᠯᠪᠢᠭᠤᠷ ᠭᠠᠴᠠᠭᠠᠨ ᠠᠴᠠ ᠲᠡᠮᠦᠷ ᠬᠡᠤᠬᠡᠨᠴᠤᠳ ᠤᠨ ᠴᠤᠭᠯᠠᠭᠠᠨ ᠢ ᠡᠷᠭᠢᠯᠡᠵᠡᠢ᠃      ᠲᠠᠯᠪᠢᠭᠤᠷ ᠭᠠᠴᠠᠭ᠎ᠠ ᠨᠢ ᠲᠡᠮᠦᠷ ᠬᠡᠤᠬᠡᠨᠴᠤᠳ ᠤᠨ ᠡᠷᠬᠢᠮ ᠲᠡᠭᠡᠳᠦ ᠵᠤᠷᠢᠭ ᠰᠠᠨᠠᠭ᠎ᠠ ᠶᠢ ᠲᠠᠭᠠᠨ ᠰᠤᠷᠤᠯᠴᠠᠵᠦ᠂ ᠲᠡᠳᠡᠨ ᠤ ᠬᠦᠳᠡᠯᠮᠤᠷᠢ ᠳᠤ ᠬᠠᠶᠢᠷᠠᠲᠠᠢ᠂ ᠬᠦᠳᠡᠯᠮᠤᠷᠢ ᠶᠢ ᠲᠡᠭᠡᠳᠤᠯᠡᠳᠡᠭ ᠡᠷᠴᠢ ᠵᠤᠷᠢᠭ ᠶᠢ ᠨᠢ ᠮᠠᠭᠲᠠᠨ ᠰᠠᠶᠢᠰᠢᠶᠠᠨ᠂ 3.8 ᠤ ᠡᠮᠡᠭᠳᠡᠶᠢᠴᠣᠳ ᠤᠨ ᠪᠠᠶᠠᠷ ᠪᠤᠯᠤᠨ 5.4 ᠤ ᠵᠠᠯᠠᠭᠤᠴᠤᠳ ᠤᠨ ᠪᠠᠶᠠᠷ  ᠵᠢᠴᠢ ᠲᠠᠯᠪᠢᠭᠤᠷ ᠭᠠᠴᠠᠭᠠᠨ ᠤ ︽ᠲᠡᠮᠦᠷ ᠬᠡᠤᠬᠡᠨᠴᠤᠳ︾ ᠤᠨ ᠲᠠᠪᠢᠨ ᠵᠢᠯ ᠤᠨ ᠤᠢ   ᠪᠠᠨ ᠪᠡᠯᠭᠡᠯᠡᠭᠦ ᠨᠤᠳᠤᠭ ᠢᠶᠠᠨ ᠡᠷᠬᠢᠭᠰᠡᠨ ᠲᠤᠷᠠᠳᠬᠠᠯ ᠬᠡᠬᠦ ᠴᠤᠭᠯᠠᠭᠠᠨ ᠢ ᠡᠷᠬᠢᠯᠡᠨ ᠶᠠᠪᠤᠬᠳᠠᠭᠤᠯᠤᠬᠰᠡᠨ ᠪᠠᠶᠢᠨ᠎ᠠ᠃        ᠲᠤᠰ ᠤᠳᠠᠭᠠᠨ ᠤ ᠴᠤᠭᠯᠠᠭᠠᠨ ᠲᠡᠭᠡᠷ᠎ᠡ ᠲᠠᠯᠪᠢᠭᠤᠷ ᠭᠠᠴᠠᠭ᠎ᠠ ᠨᠢ ᠭᠠᠴᠠᠭᠠᠨ ᠤ ᠪᠡᠨ᠋ ᠬᠠᠮᠤᠭ ᠰᠠᠶᠢᠨ ᠭᠡᠷ  ᠪᠦᠯᠢ᠂ ︽3.8︾ ᠶᠢᠨ ᠤᠯᠠᠭᠠᠨ ᠲᠤᠭᠴᠢ᠂ ᠰᠢᠯᠢᠳᠡᠭ ᠵᠠᠯᠠᠭᠤ ᠶᠢ ᠱᠠᠩᠨᠠᠨ ᠬᠦᠬᠢᠭᠦᠯᠵᠦ᠂ ᠮᠠᠯᠴᠢᠨ ᠲᠦᠮᠡᠨ ᠤ  ᠢᠶᠠᠨ ᠠᠵᠢᠯ ᠠᠮᠢᠳᠣᠷᠠᠯ ᠲᠤᠨᠢ ᠤᠯᠠᠮ ᠵᠤᠷᠢᠭᠵᠢᠭᠤᠯᠤᠯ ᠢ ᠤᠯᠭᠤᠬᠰᠡᠨ ᠪᠠᠶᠢᠨ᠎ᠠ᠃ ᠮᠦᠨᠴᠦ ᠭᠠᠷᠮᠠᠭᠠᠢ ᠵᠢᠳᠭᠦᠯᠳᠡᠨ ᠲᠡᠮᠦᠷ ᠬᠡᠤᠬᠡᠨᠴᠤᠳ ᠲᠡᠭᠡᠨ ︽ᠵᠠᠯᠠᠭᠤ ᠨᠠᠰᠤᠨ ᠤ ᠬᠢᠯᠪᠠᠭ᠎ᠠ — ᠲᠡᠮᠦᠷ ᠬᠡᠤᠬᠡᠨᠴᠤᠳ︾ ᠭᠡᠬᠦ ᠱᠠᠩᠨᠠᠯ ᠬᠦᠬᠢᠭᠦᠯᠦᠯ ᠢ ᠤᠯᠭᠤᠵᠦ᠂ ᠲᠡᠳᠡᠨ ᠤ ᠨᠤᠳᠤᠭ ᠤᠷᠤᠨ ᠤ ᠪᠡᠨ᠋ ᠬᠦᠭᠵᠢᠯᠳᠡ ᠳᠤ  ᠬᠢᠴᠢᠶᠡᠨ ᠵᠢᠳᠬᠦᠭᠰᠡᠨ ᠠᠯᠳᠠᠷ ᠭᠠᠪᠢᠶ᠎ᠠ ᠶᠢ ᠨᠢ ᠦᠨᠡᠯᠡᠭᠰᠡᠨ ᠪᠠᠶᠢᠨ᠎ᠠ᠃      ᠴᠤᠭᠯᠠᠭᠠᠨ ᠲᠡᠭᠡᠷ᠎ᠡ ᠪᠠᠰᠠ ᠬᠦᠵᠤᠷ᠂ ᠱᠠᠭ᠎ᠠ᠂ ᠬᠠᠷ᠎ᠠ ᠫᠠᠢ ᠵᠡᠷᠭᠡ ᠲᠤᠭᠯᠠᠭᠠᠮ ᠲᠤᠭᠯᠠᠨ᠂ ᠴᠤᠭᠯᠠᠭᠠᠨ ᠳᠤ ᠰᠠᠭᠠᠳᠠᠬᠰᠡᠨ ᠬᠦᠮᠦᠰ ᠢᠶᠠᠨ ᠪᠠᠶᠠᠰᠬᠠᠬᠰᠡᠨ ᠪᠠᠶᠢᠨ᠎ᠠ᠃      ᠲᠡᠮᠦᠷ ᠬᠡᠤᠬᠡᠨᠴᠤᠳ ᠨᠢ ᠲᠤᠬᠠᠢ ᠶᠢᠨ ᠦᠶ᠎ᠡ ᠶᠢᠨ ᠨᠡᠶᠢᠬᠡᠮ ᠠᠬᠤᠢ ᠳᠤ ᠵᠤᠬᠢᠴᠠᠬᠰᠡᠨ ᠬᠠᠳᠠᠭᠤ ᠴᠢᠩᠭ᠎ᠠ ᠵᠤᠷᠢᠭ ᠲᠡᠪᠴᠢᠶᠡᠷᠢ ᠲᠠᠢ᠂ ᠶᠠᠮᠠᠷ ᠴᠤ ᠬᠠᠳᠠᠭᠤ ᠠᠵᠢᠯ ᠢ ᠬᠤᠶᠠᠷ ᠭᠠᠷ  ᠬᠤᠭᠤᠰᠤᠨ ᠨᠢᠳᠤᠷᠭ᠎ᠠ ᠪᠠᠷ ᠢᠶᠠᠨ ᠬᠢᠵᠦ ᠪᠦᠳᠦᠭᠡᠨ᠂ ᠵᠠᠯᠠᠭᠤ ᠽᠠᠨᠲᠠᠨ ᠨᠠᠰᠤ ᠪᠡᠨ᠋᠂ᠲᠡᠮᠦᠷ ᠬᠡᠤᠬᠡᠨᠴᠤᠳ ᠤᠨ ᠡᠩᠨᠡᠬᠡᠨ ᠳᠤ ᠦᠷᠡᠭᠳᠡᠭᠦᠯᠵᠦ᠂ ᠡᠭᠦᠨ ᠤ ᠤᠯᠠᠮ  ᠠᠴᠠ ᠨᠤᠳᠤᠭ ᠤᠰᠤᠨ ᠤ ᠪᠡᠨ᠋ ᠬᠦᠭᠵᠢᠯᠳᠡ ᠬᠤᠪᠢᠷᠠᠯᠳᠠ ᠳᠤ ᠶᠡᠬᠡᠬᠡᠨ ᠵᠢᠳᠬᠦᠯ ᠴᠢᠷᠮᠠᠶᠢᠯᠭ᠎ᠠ ᠭᠠᠷᠭᠠᠬᠰᠡᠨ ᠬᠦᠮᠦᠰ ᠪᠠᠶᠢᠭ᠎ᠠ ᠶᠤᠮ᠃      ᠲᠤᠰ ᠤᠳᠠᠭᠠᠨ ᠤ ᠴᠤᠭᠯᠠᠭᠠᠨ ᠨᠢ ᠲᠡᠮᠦᠷ ᠬᠡᠤᠬᠡᠨᠴᠤᠳ ᠤᠨ ᠨᠤᠳᠤᠭ ᠤᠷᠤᠨ ᠢᠶᠠᠨ ᠡᠷᠬᠢᠨ ᠦᠵᠡᠵᠦ᠂ ᠲᠤᠬᠠᠢ ᠶᠢᠨ ᠦᠶ᠎ᠡ ᠳᠤ ᠬᠠᠮᠳᠤ ᠲᠠᠭᠠᠨ ᠦᠩᠭᠡᠷᠡᠭᠦᠯᠵᠦ ᠪᠠᠶᠢᠬᠰᠡᠨ ᠲᠤᠷᠠᠳᠬᠠᠯ ᠲᠠᠢ ᠴᠠᠭ ᠮᠦᠴᠡ ᠪᠡᠨ᠋ ᠡᠷᠬᠢᠨ ᠰᠠᠨᠠᠬᠤ ᠡᠷᠬᠢᠮ ᠨᠠᠨᠳᠢᠨ ᠠᠵᠠ  ᠲᠤᠬᠢᠶᠠᠯ ᠢ ᠤᠯᠭᠤᠬᠰᠡᠨ ᠪᠦᠬᠡᠳ ᠬᠦᠳᠡᠯᠮᠤᠷᠢ  ᠦᠩᠬᠡ ᠬᠡᠷᠡᠯ ᠲᠠᠢ ᠪᠠᠶᠢᠳᠠᠭ ᠨᠠᠨᠳᠢᠨ ᠶᠤᠰᠤ ᠶᠢ  ᠦᠷ᠎ᠡ ᠬᠤᠶᠢᠴᠢᠰ ᠲᠠᠭᠠᠨ ᠮᠡᠳᠡᠷᠡᠭᠦᠯᠵᠦ  ᠴᠢᠳᠠᠬᠰᠡᠨ ᠶᠤᠮ᠃    
 
ᠢᠷᠡᠯᠲᠡ᠄ ᠬᠦᠪᠡᠭᠡᠲᠦ ᠰᠢᠷ᠎ᠠ ᠬᠣᠰᠢᠭᠤᠨ ᠤ ᠷᠠᠳᠢᠤ᠋ ᠲᠧᠯᠸᠢᠰ ᠬᠤᠷᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号