ᠲᠠᠨ ᠤ SIM ᠺᠠᠷᠲ ᠲᠠᠭᠠᠨ ᠨᠢᠭᠤᠴᠠ ᠨᠣᠮᠧᠷ ᠲᠠᠭᠠᠷᠠᠭᠤᠯᠤᠬᠰᠠᠨ ᠤᠤ︖ ᠡᠳᠡᠭᠡᠷ ᠤᠴᠢᠷ ᠢ ᠮᠡᠳᠡᠵᠦ ᠠᠪᠤᠭᠠᠷᠠᠢ
ᠨᠡᠶᠢᠲᠡᠯᠡᠭᠰᠡᠨ ᠴᠠᠭ᠄
2020/9/21
    ︽5G︾᠎ ᠶᠢᠨ ᠴᠠᠭ ᠦᠶ᠎ᠡ ᠬᠦᠷᠴᠦ ᠢᠷᠡᠬᠦ ᠶᠢ ᠳᠠᠭᠠᠯᠳᠤᠨ᠂ ᠰᠦᠯᠵᠢᠶᠡᠨ ᠤ ᠠᠮᠤᠷ ᠲᠦᠪᠰᠢᠨ ᠨᠢ ᠤᠯᠠᠨ ᠨᠡᠶᠢᠳᠡ ᠶᠢᠨ ᠥᠷᠭᠡᠨ ᠢᠶᠠᠷ ᠠᠩᠬᠠᠷᠴᠤ ᠪᠠᠶᠢᠭ᠎ᠠ ᠰᠡᠳᠦᠪ ᠪᠣᠯᠪᠠ᠃ ᠰᠦᠯᠵᠢᠶᠡᠨ ᠤ ᠠᠮᠤᠷ ᠲᠦᠪᠰᠢᠨ ᠨᠢ ᠤᠯᠤᠰ ᠤᠨ ᠠᠮᠤᠷ ᠲᠦᠪᠰᠢᠨ ᠲᠠᠢ ᠬᠤᠯᠪᠣᠭᠳᠠᠬᠤ ᠪᠦᠭᠡᠳ ᠮᠥᠨ ᠴᠦ ᠮᠠᠨ ᠤ ᠬᠥᠮᠦᠨ ᠨᠢᠭᠡᠪᠦᠷᠢ ᠶᠢᠨ ᠡᠳᠦᠷ ᠲᠤᠲᠤᠮ ᠤᠨ ᠠᠮᠢᠳᠤᠷᠠᠯ ᠲᠠᠢ ᠨᠢᠭᠲᠠ ᠬᠤᠯᠪᠣᠭ᠎ᠠ ᠲᠠᠢ ᠶᠤᠮ᠂ ᠪᠢᠳᠡ ᠶᠠᠮᠠᠷ ᠠᠷᠭ᠎ᠠ ᠨᠤᠭᠤᠳ ᠢ ᠠᠪᠤᠪᠠᠯ ᠬᠤᠪᠢ ᠬᠥᠮᠦᠨ ᠤ ᠮᠡᠳᠡᠭᠡ ᠵᠠᠩᠭᠢ  ᠵᠠᠳᠠᠷᠠᠬᠤ ᠠᠴᠠ ᠬᠢᠴᠢᠶᠡᠵᠦ ᠴᠢᠳᠠᠬᠤ ᠪᠣᠶ︖ ᠤᠴᠠᠷᠠᠵᠤ ᠮᠡᠳᠡᠬᠦ ᠡᠳ᠋ ᠬᠥᠷᠥᠩᠭᠡ ᠶᠢᠨ ᠬᠤᠬᠢᠷᠠᠯ ᠠᠴᠠ ᠬᠡᠷᠬᠢᠨ ᠵᠠᠶᠢᠯᠠᠬᠤ ᠪᠤᠢ︖ ᠡᠳᠡᠭᠡᠷ ᠤᠴᠢᠷ ᠢ ᠲᠠ ᠮᠡᠳᠡᠵᠦ ᠠᠪᠤᠭᠠᠷᠠᠢ᠃           ᠲᠠᠨ ᠤ SIM ᠺᠠᠷᠲ ᠲᠠᠭᠠᠨ ᠨᠢᠭᠤᠴᠠ ᠨᠣᠮᠧᠷ ᠲᠠᠭᠠᠷᠠᠭᠤᠯᠤᠬᠰᠠᠨ ᠤᠤ︖ ᠮᠠᠰᠢ ᠣᠯᠠᠨ ᠬᠥᠮᠦᠰ ᠭᠠᠷ ᠤᠲᠠᠰᠤ ᠨᠡᠭᠡᠭᠡᠬᠦ ᠨᠢᠭᠤᠴᠠ ᠨᠣᠮᠧᠷ᠂ ᠲᠣᠭᠠᠴᠠᠭ᠎ᠠ ᠬᠢᠬᠦ ᠨᠢᠭᠤᠴᠠ ᠨᠣᠮᠧᠷ ᠲᠠᠭᠠᠷᠠᠭᠤᠯᠬᠤ ᠳᠠᠳᠬᠠᠯ ᠲᠠᠢ ᠪᠠᠶᠢᠳᠠᠭ᠃ ᠭᠡᠪᠡᠴᠦ ᠲᠠ ᠥᠪᠡᠷ ᠤᠨ SIM ᠺᠠᠷᠲ ᠲᠠᠭᠠᠨ ᠨᠢᠭᠤᠴᠠ ᠨᠣᠮᠧᠷ ᠲᠠᠭᠠᠷᠠᠭᠤᠯᠤᠬᠰᠠᠨ  ᠤᠤ︖ ᠯᠢᠦᠢ ᠮᠧᠡᠭ ᠰᠢᠨᠵᠢᠯᠡᠬᠦ ᠤᠬᠠᠭᠠᠨ ᠮᠡᠷᠭᠡᠵᠢᠯ ᠤᠨ ᠪᠦᠯᠦᠭᠯᠡᠯ ᠤᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ ᠲᠢᠶᠠᠨᠵᠢᠨ ᠤ ᠮᠡᠷᠭᠡᠵᠢᠯ ᠤᠨ ᠶᠡᠷᠦᠩᠬᠡᠶ ᠬᠢᠨᠠᠭᠴᠢ ᠼᠤᠤ ᠵᠢᠩ ᠵᠢᠶᠧ ᠲᠠᠨᠢᠯᠴᠠᠭᠤᠯᠬᠤ ᠳᠠᠭᠠᠨ᠂ ᠵᠥᠪᠬᠡᠨ ᠭᠠᠷ ᠤᠲᠠᠰᠤᠨ ᠳᠠᠭᠠᠨ ᠨᠢᠭᠤᠴᠠ ᠨᠣᠮᠧᠷ ᠲᠠᠭᠠᠷᠠᠭᠤᠯᠵᠤ᠂ SIM ᠺᠠᠷᠲ ᠲᠠᠭᠠᠨ ᠨᠢᠭᠤᠴᠠ ᠨᠣᠮᠧᠷ ᠲᠠᠭᠠᠷᠠᠭᠤᠯᠬᠤ ᠶᠢ ᠤᠮᠳᠤᠭᠠᠶᠢᠯᠠᠬᠤ ᠳᠤ ᠬᠦᠷᠪᠡᠯ ᠡᠳ᠋ ᠬᠥᠷᠥᠩᠭᠡ ᠶᠢᠨ ᠬᠤᠬᠢᠷᠠᠯ ᠳᠤ ᠤᠴᠠᠷᠠᠵᠤ ᠮᠡᠳᠡᠨ᠎ᠡ ᠬᠡᠵᠦ ᠬᠡᠯᠡᠪᠡ᠃ ᠼᠤᠤ ᠵᠢᠩ ᠵᠢᠶᠧ᠄ ᠬᠤᠪᠢ ᠬᠥᠮᠦᠨ ᠤ ᠮᠡᠳᠡᠭᠡ ᠵᠠᠩᠭᠢ ᠨᠢ ᠶᠡᠷᠦ ᠳᠡᠭᠡᠨ ᠭᠠᠷ  ᠤᠲᠠᠰᠤᠨ ᠤ ᠨᠣᠮᠧᠷ ᠲᠠᠢ ᠨᠢᠭᠲᠠ ᠬᠤᠯᠪᠣᠭ᠎ᠠ ᠲᠠᠢ ᠪᠠᠶᠢᠵᠤ᠂ ᠴᠥᠭᠡᠨ ᠪᠤᠰᠤ App ᠲᠠᠩᠰᠠᠨ ᠨᠣᠮᠧᠷ ᠢ  ᠪᠤᠯ  ᠴᠥᠮ  ᠰᠢᠯᠭᠠᠨ  ᠪᠠᠲᠤᠯᠠᠬᠤ  ᠺᠣᠳ᠋ ᠢᠶᠠᠷ ᠳᠠᠮᠵᠢᠭᠤᠯᠤᠨ ᠨᠢᠭᠤᠴᠠ ᠨᠣᠮᠧᠷ ᠢ ᠨᠢ ᠡᠷᠢᠵᠦ ᠤᠯᠳᠠᠭ ᠪᠤᠶᠤ ᠦᠭᠡᠷᠡᠴᠢᠯᠡᠵᠦ ᠪᠣᠯᠳᠠᠭ᠃ ᠵᠠᠷᠢᠮ ᠬᠠᠤᠯᠢ ᠪᠤᠰᠤ ᠡᠲᠡᠭᠡᠳ ᠶᠠᠭ ᠡᠨᠡᠬᠦ ᠳᠤᠲᠠᠭᠳᠠᠯ ᠢ ᠠᠰᠢᠭᠯᠠᠨ᠂ ᠭᠠᠷ ᠤᠲᠠᠰᠤ ᠣᠯᠵᠤ ᠠᠪᠤᠭᠰᠠᠨ ᠤ ᠳᠠᠷᠠᠭ᠎ᠠ SIM ᠺᠠᠷᠲ ᠢ ᠨᠢ  ᠭᠠᠷᠭᠠᠵᠤ  ᠠᠪᠤᠭᠠᠳ᠂ ᠴᠢᠨᠦ ᠡᠳ᠋ ᠬᠥᠷᠥᠩᠭᠡ ᠶᠢᠨ ᠠᠮᠤᠷ ᠲᠦᠪᠰᠢᠨ ᠢ ᠰᠦᠷᠳᠡᠭᠦᠯᠵᠦ ᠪᠠᠶᠢᠳᠠᠭ᠃ ︽ᠬᠡᠳᠦ᠋ᠢᠪᠡᠷ ᠭᠠᠷ ᠤᠲᠠᠰᠤ ᠶᠢ  ᠴᠢᠨᠢ ᠨᠡᠭᠡᠭᠡᠵᠦ ᠲᠡᠶᠢᠯᠬᠦ ᠦᠭᠡᠢ ᠪᠣᠯᠪᠠᠴᠤ SIM ᠺᠠᠷᠲ ᠢᠶᠠᠷ ᠴᠢᠨᠢ ᠳᠠᠮᠵᠢᠭᠤᠯᠤᠨ ᠴᠢᠨᠦ ᠵᠤᠭᠤᠰ ᠢ ᠬᠤᠯᠠᠭᠠᠶᠢᠯᠠᠨ ᠠᠪᠴᠤ ᠪᠣᠯᠳᠠᠭ︾ ᠬᠡᠵᠦ ᠬᠡᠯᠡᠵᠡᠢ᠃ ᠲᠠ ᠬᠤᠤᠷᠳᠤ ᠰᠠᠨᠠᠭ᠎ᠠ ᠪᠠᠷ ᠭᠠᠷᠭᠠᠬᠰᠠᠨ ᠬᠤᠶᠠᠷ ᠬᠡᠮᠵᠢᠯᠳᠦ ᠺᠣᠳ᠋ ᠢ ᠰᠢᠷᠪᠢᠵᠦ ᠥᠩᠭᠡᠷᠡᠭᠰᠡᠨ ᠤᠤ︖  ᠡᠯᠧᠺᠲᠷᠣᠨ ᠢᠶᠠᠷ ᠲᠤᠭᠠᠴᠠᠭ᠎ᠠ ᠬᠢᠬᠦ ᠶᠠᠪᠤᠳᠠᠯ ᠬᠥᠭᠵᠢᠬᠦ ᠶᠢ ᠳᠠᠭᠠᠯᠳᠤᠨ᠂ ᠪᠡᠯᠡᠨ ᠵᠣᠭᠤᠰ ᠢᠶᠠᠷ ᠲᠤᠭᠠᠴᠠᠭ᠎ᠠ ᠬᠢᠬᠦ ᠦᠭᠡᠢ ᠪᠤᠯᠤᠬᠰᠠᠨ ᠨᠢ ᠨᠢᠭᠡᠨᠲᠡ ᠬᠥᠮᠦᠨ ᠨᠢᠭᠡᠪᠦᠷᠢ ᠶᠢᠨ ᠠᠮᠢᠳᠤᠷᠠᠯ ᠳᠤ ᠭᠦᠨᠵᠡᠭᠡᠶᠢᠷᠡᠵᠠᠢ᠂ ᠬᠡᠪᠡᠴᠤ  ᠵᠠᠷᠢᠮ ᠬᠠᠤᠯᠢ  ᠪᠤᠰᠤ ᠡᠲᠡᠭᠡᠳ ᠮᠣᠳᠣᠨ ᠮᠣᠷᠢᠨ ᠤ ᠸᠢᠷᠦ᠋ᠰ᠂ ᠵᠢᠭᠠᠰᠤ ᠭᠥᠬᠢᠳᠡᠬᠦ ᠵᠥᠭᠡᠯᠡᠨ ᠲᠣᠨᠤᠭ ᠢ ‍ᠣᠶᠠᠷ ᠬᠡᠮᠵᠢᠯᠳᠦ  ᠺᠣᠳ᠋ ᠲᠤ  ᠵᠠᠯᠭᠠᠵᠤ‌ᠤᠷᠤᠭᠤᠯᠤᠨ ᠬᠥᠮᠦᠰ ᠤᠨ ᠮᠡᠳᠡᠭᠡ ᠵᠠᠩᠭᠢ ᠶᠢᠨ ᠠᠮᠤᠷ ᠲᠦᠪᠰᠢᠨ ᠢ ᠰᠦᠷᠳᠡᠭᠦᠯᠵᠦ ᠪᠠᠶᠢᠨ᠎ᠠ᠃  ᠴᠢ ᠠᠨ ᠰᠢᠨ ᠰᠢᠨᠵᠢᠯᠡᠬᠦ ᠤᠬᠠᠭᠠᠨ  ᠮᠡᠷᠭᠡᠵᠢᠯ ᠤᠨ ᠪᠦᠯᠦᠭᠯᠡᠯ ᠤᠨ ᠲᠢᠶᠠᠨᠵᠢᠨ ᠤ ᠮᠡᠷᠭᠡᠵᠢᠯ ᠤᠨ ᠶᠡᠷᠦᠩᠬᠡᠶ ᠬᠢᠨᠠᠭᠴᠢ ᠼᠦᠢ ᠽᠦᠩ ᠹᠦ᠋ ᠲᠠᠨᠢᠯᠴᠠᠭᠤᠯᠬᠤ ᠳᠠᠭᠠᠨ᠂ ᠣᠳᠣᠬᠠᠨ ᠳᠤ ᠬᠤᠤᠷᠳᠤ ᠰᠠᠨᠠᠭ᠎ᠠ ᠪᠠᠷ ᠭᠠᠷᠭᠠᠬᠰᠠᠨ ᠬᠤᠶᠠᠷ ᠬᠡᠮᠵᠢᠯᠳᠦ ᠺᠣᠳ᠋ ᠨᠢ ᠭᠤᠤᠯᠳᠠᠭᠤ ᠮᠡᠳᠡᠭᠡ ᠵᠠᠩᠭᠢ ᠵᠠᠳᠠᠷᠠᠭᠤᠯᠬᠤ᠂ ᠪᠡᠶ᠎ᠡ ᠰᠡᠳᠬᠢᠯ ᠪᠠ ᠡᠳ᠋ ᠬᠥᠷᠥᠩᠭᠡ ᠶᠢᠨ ᠬᠤᠬᠢᠷᠠᠯ ᠤᠴᠠᠷᠠᠭᠤᠯᠬᠤ᠂  ‍ᠣᠳᠣᠨ ᠮᠣᠷᠢᠨ ᠤ  ᠸᠢᠷᠦ᠋ᠰ ᠲᠠᠷᠬᠠᠭᠠᠬᠤ ᠵᠡᠷᠭᠡ ᠲᠠᠯ᠎ᠠ ᠶᠢᠨ ᠠᠶᠤᠯ ᠲᠦᠭᠰᠢᠭᠦᠷᠢ ᠶᠢ ᠠᠪᠴᠢᠷᠠᠵᠤ ᠮᠡᠳᠡᠨ᠎ᠡ ᠬᠡᠵᠦ ᠬᠡᠯᠡᠪᠡ᠃ ᠡᠭᠦᠨ ᠤ ᠲᠤᠬᠠᠢ ᠲᠡᠷᠡ ᠰᠠᠨᠠᠭᠤᠯᠤᠨ ᠬᠡᠯᠡᠬᠦ ᠳᠡᠭᠡᠨ᠂ ᠢᠷᠡᠯᠲᠡ ᠨᠢ ᠲᠣᠳᠣᠷᠬᠠᠶ ᠦᠭᠡᠢ ᠬᠤᠶᠠᠷ ᠬᠡᠮᠵᠢᠯᠳᠦ ᠺᠣᠳ᠋ ᠢ ᠳᠤᠷ᠎ᠠ ᠪᠠᠷ ᠢᠶᠠᠨ ᠰᠢᠷᠪᠢᠵᠦ ᠪᠣᠯᠬᠤ ᠦᠭᠡᠢ᠂ ᠺᠣᠳ᠋ ᠰᠢᠷᠪᠢᠭᠰᠡᠨ ᠤ  ᠳᠠᠷᠠᠭ᠎ᠠ ᠬᠠᠮᠢᠶ᠎ᠠ  ᠪᠦᠬᠦᠢ ᠮᠡᠳᠡᠭᠡ  ᠵᠠᠩᠭᠢ ᠶᠢ  ᠨᠠᠷᠢᠨ ᠬᠢᠨᠠᠮᠠᠭᠠᠶ ᠬᠠᠷᠭᠤᠭᠤᠯᠵᠤ ᠦᠵᠡᠬᠦ ᠬᠡᠷᠡᠭᠳᠡᠢ᠂ ᠪᠠᠰᠠ ᠨᠡᠷ᠎ᠡ ᠠᠯᠳᠠᠷ ᠢᠶᠠᠷ ᠦᠨᠳᠦᠷ᠂ ᠠᠮᠤᠷ  ᠲᠦᠪᠰᠢᠨ ᠢᠶᠠᠷ ᠴᠢᠩᠭ᠎ᠠ ᠠᠮᠤᠷ ᠲᠦᠪᠰᠢᠨ ᠤ ᠵᠥᠭᠡᠯᠡᠨ ᠲᠤᠨᠤᠭ ᠤᠳ ᠢ ᠪᠠᠭᠤᠯᠭᠠᠨ ᠠᠪᠴᠤ ᠠᠶᠤᠯ ᠲᠦᠭᠰᠢᠭᠦᠷᠢ ᠠᠴᠠ ᠵᠠᠶᠢᠯᠠᠵᠤ ᠪᠣᠯᠤᠨ᠎ᠠ ᠬᠡᠪᠠ᠃  ︽ᠠᠮᠤᠷ‌‍ᠲ᠋ᠦ᠋ᠪᠰᠢᠨ ᠤ ᠤᠬᠠᠮᠰᠠᠷ ᠢᠶᠠᠨ ᠴᠢᠩᠭᠠᠳᠬᠠᠵᠤ᠂ ᠢᠷᠡᠯᠲᠡ ᠨᠢ ᠲᠣᠳᠣᠷᠬᠠᠶ ᠥᠬᠡᠶ  ᠬᠤᠶᠠᠷ  ᠬᠡᠮᠵᠢᠯᠳᠦ  ᠺᠣᠳ᠋ ᠲᠤ  ᠢᠯᠡᠭᠦᠭᠡᠨ‌‍ᠰᠡᠷᠡᠮᠵᠢ ᠲᠠᠢ ᠪᠠᠶᠢᠵᠤ᠂ ᠬᠠᠤᠯᠢ ᠪᠤᠰᠤ ᠡᠲᠡᠭᠡᠳ ᠲᠤ ᠵᠠᠪᠰᠢᠬᠤ ᠲᠤᠬᠢᠶᠠᠯ ᠥᠭᠴᠦ ᠪᠣᠯᠬᠤ ᠥᠬᠡᠶ︾ ᠬᠡᠵᠦ ᠼᠦᠢ ᠽᠦᠩ  ᠹᠦ᠋‌‍ᠬᠡᠯᠡᠵᠠᠢ᠃  ᠣᠯᠠᠨ ᠨᠡᠶᠢᠲᠡ ᠶᠢᠨ ᠲᠠᠯᠠᠪᠤᠷ ᠲᠠᠬᠢ ᠰᠦᠢᠳᠬᠡᠯ ᠬᠤᠷᠢᠶᠠᠬᠤ ᠦᠭᠡᠢ WiFi᠎ ᠶᠢ  ᠬᠤᠯᠪᠤᠨ  ᠵᠠᠯᠭᠠᠬᠤ  ᠲᠤᠷᠠᠳᠠᠢ ᠪᠠᠶᠢᠳᠠᠭ ᠤᠤ︖ ︽ᠭᠥᠬᠢᠳᠡᠭᠳᠡᠬᠦ︾᠎ ᠠᠴᠠ ᠬᠢᠴᠢᠶᠡᠭᠡᠷᠡᠢ︕  ᠨᠢᠭᠡ ᠴᠣᠮᠣ ᠺᠤᠹᠧ ᠠᠪᠤᠭᠠᠳ᠂ ᠺᠤᠹᠧ ᠶᠢᠨ ᠮᠤᠬᠤᠯᠠᠭ ᠤᠨ ᠰᠦᠢᠳᠬᠡᠯ ᠬᠤᠷᠢᠶᠠᠬᠤ ᠦᠭᠡᠶ WiFi᠎ ᠶᠢ ᠬᠤᠯᠪᠤᠨ‌ᠵᠠᠯᠭᠠᠵᠦ ᠵᠦᠴᠦᠭᠡ ᠦᠵᠡᠵᠦ ᠰᠠᠭᠤᠳᠠᠭ ᠨᠢ ᠴᠥᠭᠡᠨ  ᠪᠤᠰᠤ  ᠵᠠᠯᠠᠭᠤᠴᠤᠳ ᠤᠨ  ᠠᠵᠢᠯ ᠤᠨ ᠴᠢᠯᠥᠭᠡᠨ ᠳᠡᠭᠡᠨ ᠰᠡᠳᠬᠢᠯ ᠰᠠᠨᠠᠭ᠎ᠠ ᠪᠠᠨ ᠠᠮᠠᠷᠠᠭᠤᠯᠵᠦ ᠶᠠᠳᠠᠷᠠᠭ᠎ᠠ ᠴᠢᠯᠡᠭᠡ ᠪᠠᠨ ᠲᠠᠶᠢᠯᠬᠤ ᠠᠷᠭ᠎ᠠ ᠬᠡᠯᠪᠡᠷᠢ ᠪᠤᠯᠵᠠᠢ᠃ ᠱᠧᠨ ᠰᠢᠨ ᠹᠦ᠋ ᠰᠢᠨᠵᠢᠯᠡᠬᠦ ᠤᠬᠠᠭᠠᠨ ᠮᠡᠷᠭᠡᠵᠢᠯ ᠤᠨ ᠬᠤᠪᠢ ᠣᠷᠣᠭᠤᠯᠤᠭᠰᠠᠨ ᠬᠢᠵᠠᠭᠠᠷᠲᠤ  ᠺᠣᠮᠫᠠᠨᠢ ᠶᠢᠨ  ᠲᠢᠶᠠᠨᠵᠢᠨ ᠲᠤᠭᠤᠷᠢᠭ ᠤᠨ ᠦᠢᠯᠡᠳᠬᠦᠨ ᠤ ᠲᠤᠰᠬᠠᠶ ᠮᠡᠷᠭᠡᠵᠢᠯᠲᠡᠨ ᠵᠢᠩ ᠢᠦᠶ ᠴᠢᠩ ᠰᠠᠨᠠᠭᠤᠯᠤᠨ ᠬᠡᠯᠡᠬᠦ ᠳᠡᠭᠡᠨ᠂ ᠣᠯᠠᠨ ᠨᠡᠶᠢᠲᠡ ᠶᠢᠨ ᠲᠠᠯᠠᠪᠤᠷ ᠲᠠᠬᠢ ︽ᠵᠢᠭᠠᠰᠤ  ᠭᠥᠬᠢᠳᠡᠬᠦWiFi ︾᠎ ᠠᠴᠠ ᠰᠡᠷᠡᠮᠵᠢᠯᠡᠬᠦ ᠬᠡᠷᠡᠭᠲᠡᠶ ᠭᠡᠪᠡ᠃ ᠵᠢᠩ ᠢᠦᠶ ᠴᠢᠩ᠄ ︽ᠣᠯᠠᠨ ᠨᠡᠶᠢᠲᠡ ᠶᠢᠨ ᠲᠠᠯᠠᠪᠤᠷ ᠲᠤ  ᠨᠡᠭᠡᠭᠡᠯᠳᠡ  ᠎ ᠲᠠᠢ ᠪᠠᠷ ᠬᠡᠷᠡᠭᠯᠡᠬᠦ WiFi ᠨᠢᠭᠡ ᠪᠠᠷ ᠵᠤᠬᠰᠤᠬᠤ ᠦᠭᠡᠢ ᠤᠯᠠᠨ ᠪᠠᠶᠢᠳᠠᠭ᠂ ᠵᠠᠷᠢᠮ ᠬᠠᠤᠯᠢ ᠪᠤᠰᠤ ᠡᠲᠡᠭᠡᠳ ᠰᠢᠯᠵᠢᠮᠡᠯ ᠰᠠᠭᠤᠷᠢ ᠥᠷᠲᠡᠭᠡ ᠪᠠᠶᠢᠭᠤᠯᠬᠤ  ᠠᠷᠭ᠎ᠠ ᠪᠠᠷ‌ᠣᠯᠠᠨ ᠬᠦᠮᠦᠰ ᠢ ᠬᠦᠳᠦᠯᠦᠨ ᠲᠠᠭᠠᠭᠤᠯᠵᠤ ᠵᠠᠯᠭᠠᠭᠤᠯᠳᠠᠭ ᠪᠠᠶᠢᠨ᠎ᠠ᠂  ᠲᠡᠭᠡᠭᠦ ᠪᠠᠷ ᠴᠢᠨᠦ ᠨᠡᠶᠢᠲᠡᠯᠡᠭᠰᠡᠨ ᠮᠡᠳᠡᠭᠡ ᠵᠠᠩᠭᠢ᠂ ᠰᠦᠯᠵᠢᠶᠡᠨ ᠥᠷᠲᠡᠭᠡ ᠶᠢ ᠰᠤᠷᠪᠤᠯᠵᠢᠯᠠᠭᠰᠠᠨ ᠲᠡᠮᠳᠡᠭᠯᠡᠯ᠂ ᠴᠢᠨᠠᠭᠰᠢᠯᠠᠪᠠᠯ ᠰᠦᠯᠵᠢᠶ᠎ᠡ ᠳᠤ ᠭᠠᠷᠬᠤ  ᠨᠢᠭᠤᠴᠠ ᠨᠣᠮᠧᠷ ᠢ ᠴᠢᠨᠢ ᠴᠥᠮ ᠬᠠᠤᠯᠢ ᠪᠤᠰᠤ ᠡᠲᠡᠭᠡᠳ ᠬᠤᠯᠠᠭᠠᠶᠢᠯᠠᠨ ᠠᠪᠴᠤ ᠮᠡᠳᠡᠨ᠎ᠡ᠃ ᠡᠭᠦᠨ ᠠᠴᠠ ᠭᠠᠳᠠᠨ᠎ᠠ᠂ ᠵᠠᠷᠢᠮ ᠬᠤᠤᠷᠳᠤ ᠰᠠᠨᠠᠭ᠎ᠠ ᠪᠠᠷ ᠭᠠᠷᠭᠠᠬᠰᠠᠨ ᠵᠥᠭᠡᠯᠡᠨ ᠲᠣᠨᠤᠭ ᠨᠢ ᠰᠦᠯᠵᠢᠶ᠎ᠡ ᠳᠤ ᠬᠤᠯᠪᠣᠭᠳᠠᠨ ᠣᠷᠣᠬᠤ ᠲᠠᠢ ᠵᠡᠷᠭᠡᠪᠡᠷ ᠬᠡᠷᠡᠭᠯᠡᠭᠴᠢᠳ ᠤᠨ ᠬᠠᠶ᠋ᠢᠭ ‍ᠤᠨ‌‍ᠲ᠋ᠤᠪᠶᠤᠭ᠂ ᠭᠡᠷᠡᠯ ᠵᠢᠷᠤᠭ ᠤᠨ ᠳᠡᠪᠲᠡᠷ᠂ ᠲᠤᠭᠠᠴᠠᠭ᠎ᠠ ᠬᠢᠭᠰᠡᠨ ᠮᠡᠳᠡᠭᠡ ᠵᠠᠩᠭᠢ ᠵᠡᠷᠭᠡ ᠶᠢ  ᠣᠯᠵᠤ  ᠠᠪᠲᠠᠭ᠃  ᠨᠡᠶᠢᠲᠡ ᠵᠢᠨ‌‍ᠲ᠋ᠠᠯᠠᠪᠤᠷ ᠲᠠᠬᠢ WiFi᠎ ᠶᠢ ᠬᠤᠯᠪᠤᠨ ᠵᠠᠯᠭᠠᠬᠤ ᠦᠶᠡᠰ ᠵᠠᠪᠠᠯ ᠬᠢᠴᠢᠶᠡᠬᠦ ᠬᠡᠷᠡᠭᠲᠡᠶ︾ ᠬᠡᠵᠦ ᠬᠡᠯᠡᠵᠡᠢ᠃ ᠲᠠᠨ ᠤ ᠨᠢᠭᠤᠴᠠ ᠨᠣᠮᠧᠷ ᠴᠢᠨᠢ ᠠᠮᠤᠷ ᠲᠦᠪᠰᠢᠨ ᠤᠤ︖  ︽ᠪᠦᠬᠦ ᠶᠠᠭᠤᠮᠠᠨ ᠳᠡᠭᠡᠨ ᠨᠢᠭᠡ ᠯᠡ ᠨᠢᠭᠤᠴᠠ ᠨᠣᠮᠧᠷ ᠢ ᠬᠡᠷᠡᠭᠯᠡᠳᠡᠭ︾᠎ ᠨᠢ ᠮᠠᠰᠢ ᠣᠯᠠᠨ ᠬᠥᠮᠦᠨ ᠤ ᠵᠠᠩ ᠳᠠᠳᠬᠠᠯ ᠪᠣᠯᠤᠨ᠎ᠠ᠂ ᠭᠡᠬᠦ ᠳᠡᠭᠡᠨ ᠢᠡᠭᠭᠢᠵᠦ ᠨᠢᠭᠤᠴᠠ ᠨᠣᠮᠧᠷ ᠲᠠᠭᠠᠷᠠᠭᠤᠯᠬᠤ ᠠᠷᠭ᠎ᠠ ᠮᠠᠶ᠋ᠢᠭ ᠨᠢ ᠳᠥᠭᠦᠮ᠂  ᠴᠡᠭᠡᠵᠢᠯᠡᠬᠦ ᠳᠤ  ᠠᠮᠠᠷᠬᠠᠨ ᠪᠤᠯᠪᠠᠴᠤ ᠬᠤᠪᠢ ᠬᠥᠮᠦᠨ ᠤ ᠮᠡᠳᠡᠭᠡ ᠵᠠᠩᠭᠢ ᠵᠠᠳᠠᠷᠠᠬᠤ ᠠᠶᠤᠯ ᠲᠦᠭᠰᠢᠭᠦᠷᠢ ᠶᠢ ᠨᠡᠮᠡᠭᠳᠡᠭᠦᠯᠦᠭᠰᠡᠨ ᠪᠠᠶᠢᠨ᠎ᠠ᠃  ᠼᠦᠢ  ᠽᠦᠩ ᠹᠦ᠋ ᠲᠠᠨᠢᠯᠴᠠᠭᠤᠯᠬᠤ ᠳᠠᠭᠠᠨ᠂ ᠡᠩ ᠤᠨ ᠪᠠᠶᠢᠳᠠᠯ ᠲᠤᠤᠷ᠎ᠠ ᠬᠠᠤᠯᠢ ᠪᠤᠰᠤ ᠡᠲᠡᠭᠡᠳ ᠳᠥᠷᠪᠡᠨ ᠵᠦᠢᠯ ᠤᠨ  ᠠᠷᠭ᠎ᠠ  ᠮᠠᠶ᠋ᠢᠭ ᠢᠶᠠᠷ ᠬᠡᠷᠡᠭᠯᠡᠭᠴᠢ ᠶᠢᠨ ᠨᠢᠭᠤᠴᠠ ᠨᠣᠮᠧᠷ ᠢ ᠡᠪᠳᠡᠬᠦ ᠪᠠᠷ ᠲᠤᠷᠰᠢᠵᠦ ᠪᠠᠶᠢᠳᠠᠭ᠂ ᠨᠢᠭᠡ ᠳᠤ ᠬᠦᠴᠦᠷᠬᠡᠭᠯᠡᠯ ᠤᠨ ᠠᠷᠭ᠎ᠠ ᠪᠠᠷ ᠡᠪᠳᠡᠳᠡᠭ᠃ ᠲᠤᠬᠠᠶᠢᠯᠠᠪᠠᠯ ᠵᠣᠬᠢᠬᠤ ᠳᠠᠪᠲᠠᠮᠵᠢ ᠪᠠᠷ ᠨᠢᠭᠤᠴᠠ ᠨᠣᠮᠧᠷ ᠢ ᠡᠪᠳᠡᠬᠦ ᠪᠠᠷ ᠲᠤᠷᠰᠢᠵᠦ ᠪᠠᠶᠢᠳᠠᠭ᠃ ᠬᠤᠶᠠᠷ ᠲᠤ᠂ ᠬᠡᠷᠡᠭᠯᠡᠭᠴᠢ ᠵᠢᠨ‌‍ᠲ᠋ᠥ᠋ᠷᠥᠭᠰᠡᠨ ᠡᠳᠦᠷ ᠵᠡᠷᠭᠡ ᠬᠤᠪᠢ ᠬᠥᠮᠦᠨ ᠤ ᠮᠡᠳᠡᠭᠡ ᠵᠠᠩᠭᠢ ᠪᠠᠷ ᠨᠢᠭᠤᠴᠠ ᠨᠣᠮᠧᠷ ᠢ ᠡᠪᠳᠡᠬᠦ ᠪᠠᠷ ᠲᠤᠷᠰᠢᠵᠦ ᠪᠠᠶᠢᠳᠠᠭ᠃ ᠭᠤᠷᠪᠠ ᠳᠤ ᠰᠤᠯᠠᠬᠠᠠ ᠠᠮᠠᠨ ᠳᠣᠬᠢᠶ᠎ᠠ ᠪᠠᠷ ᠨᠢᠭᠤᠴᠠ ᠨᠣᠮᠧᠷ ᠢ ᠡᠪᠳᠡᠬᠦ ᠪᠠᠷ ᠲᠤᠷᠰᠢᠵᠦ ᠪᠠᠶᠢᠳᠠᠭ᠃ ᠳᠥᠷᠪᠡ ᠳᠤ ᠨᠢᠭᠡᠨᠲᠡ‌ᠣᠯᠤᠭᠰᠠᠨ ᠬᠡᠷᠡᠭᠯᠡᠭᠴᠢ ᠶᠢᠨ ᠨᠢᠭᠤᠴᠠ ᠨᠣᠮᠧᠷ ᠢ ᠦᠨᠳᠦᠰᠦᠯᠡᠨ ᠪᠤᠰᠤᠳ ᠲᠠᠪᠴᠠᠩ ᠳᠡᠭᠡᠷ᠎ᠡ ︽ᠬᠥᠮᠥᠷᠭᠡ ᠮᠥᠷᠭᠦᠬᠦ︾ ᠠᠵᠢᠯᠯᠠᠭ᠎ᠠ ᠬᠢᠳᠡᠭ ᠬᠡᠵᠦ ᠬᠡᠯᠡᠪᠡ᠃ ᠨᠢᠭᠤᠴᠠ ᠨᠣᠮᠧᠷ ᠲᠠᠭᠠᠷᠠᠭᠤᠯᠬᠤ ᠠᠮᠤᠷ ᠲᠦᠪᠰᠢᠨ ᠢ ᠬᠡᠷᠬᠢᠨ ᠪᠠᠲᠤᠯᠠᠬᠤ ᠪᠣᠶ︖  ᠼᠦᠢ ᠽᠦᠩ ᠹᠦ᠋ ᠰᠠᠨᠠᠭᠤᠯᠬᠤ ᠳᠠᠭᠠᠨ᠂ ᠲᠧᠺᠰᠲ ᠲᠡᠭᠡᠷ᠎ᠡ ᠨᠢᠭᠤᠴᠠ  ᠨᠣᠮᠧᠷ ᠢᠶᠠᠨ ᠬᠠᠳᠠᠭᠠᠯᠠᠵᠤ ᠪᠣᠯᠬᠤ ᠦᠭᠡᠢ᠃ ᠨᠢᠭᠤᠴᠠ ᠨᠣᠮᠧᠷ ᠲᠠᠭᠠᠷᠠᠭᠤᠯᠬᠤ ᠳᠠᠭᠠᠨ ᠠᠯᠢ ᠴᠢᠳᠠᠬᠤ ᠪᠠᠷ ᠴᠠᠭᠠᠨ ᠲᠣᠯᠣᠭᠠᠶ᠂ ᠲᠤᠭ᠎ᠠ ᠪᠣᠯᠤᠨ ᠣᠨᠴᠠᠭᠠᠶ ᠲᠡᠮᠳᠡᠭᠲᠦ ᠶᠢ ᠪᠠᠭᠲᠠᠭᠠᠭᠰᠠᠨ15 ᠣᠷᠣᠨ ᠠᠴᠠ ᠳᠡᠭᠡᠭᠰᠢ ︽ᠪᠠᠳᠤ ᠨᠢᠭᠤᠴᠠ ᠨᠣᠮᠧᠷ︾ ᠲᠠᠭᠠᠷᠠᠭᠤᠯᠬᠤ ᠶᠢᠨ ᠬᠠᠮᠲᠤ ᠲᠣᠭᠲᠠᠮᠠᠯ ᠬᠤᠭᠤᠴᠠᠭ᠎ᠠ ᠲᠠᠢ ᠪᠠᠷ  ᠨᠢᠭᠤᠴᠠ ᠨᠣᠮᠧᠷ ᠲᠠᠬᠢᠵᠦ  ᠲᠠᠭᠠᠷᠠᠭᠤᠯᠬᠤ ᠬᠡᠷᠡᠭᠲᠡᠶ᠃ ︽ᠴᠢᠳᠠᠬᠤ ᠶᠢᠨ ᠲᠤᠳᠤᠷ᠎ᠠ ᠥᠪᠡᠷ ᠤᠨ ᠲᠥᠷᠥᠭᠰᠡᠨ ᠡᠳᠦᠷ᠂ ᠣᠪᠣᠭ ᠨᠡᠷ᠎ᠡ ᠪᠠᠷ ᠢᠶᠠᠨ ᠳᠠᠩᠰᠠᠨ ᠤ ᠪᠠᠨ ᠨᠢᠭᠤᠴᠠ ᠨᠣᠮᠧᠷ ᠪᠣᠯᠭᠠᠵᠤ ᠪᠣᠯᠬᠤ ᠦᠭᠡᠢ︾ ᠭᠡᠵᠦ ᠬᠡᠯᠡᠵᠡᠢ᠃ ︽ᠬᠠᠺᠧᠷ︾ ᠲᠠ ᠪᠢᠳᠡᠨ ᠤ ᠬᠠᠵᠠᠭᠤ ᠳᠤ ᠪᠠᠶᠢᠵᠤ ᠮᠡᠳᠡᠨ᠎ᠡ ︽ᠤᠷᠢᠳᠤᠬᠢ ᠶᠢ ᠪᠤᠳᠤᠪᠠᠯ᠂ ᠣᠳᠣᠬᠠᠨ ᠤ ︽ᠬᠠᠺᠧᠷ︾  ᠬᠡᠳᠡᠭ ᠤᠨ ᠠᠶ ᠳᠤ ᠨᠠᠩ  ᠶᠡᠭᠡ ᠬᠦᠷᠢᠶ᠎ᠡ ᠬᠡᠪᠴᠢᠶ᠎ᠡ ᠪᠠᠭᠳᠠᠵᠤ᠂ ᠮᠡᠳᠡᠭᠡ ᠵᠠᠩᠭᠢ ᠤᠯᠬᠤ ᠠᠷᠭ᠎ᠠ ᠵᠠᠮ ᠨᠢ ᠴᠤ ᠨᠠᠩ ᠥᠷᠭᠡᠨ ᠪᠣᠯᠵᠠᠶ︾ ᠬᠡᠵᠦ ᠼᠤᠤ ᠵᠢᠩ  ᠵᠢᠶᠧ  ᠲᠠᠨᠢᠯᠴᠠᠭᠤᠯᠤᠨ ᠬᠡᠯᠡᠭᠰᠡᠨ ᠢᠶᠠᠨ ᠵᠠᠯᠭᠠᠭᠠᠳ᠂ ᠪᠢᠳᠡᠨ ᠤ ᠰᠦᠯᠵᠢᠶᠡᠨ ᠳᠡᠭᠡᠷ᠎ᠡ ᠠᠴᠠ ᠶᠠᠭᠤᠮ᠎ᠠ ᠬᠤᠳᠠᠯᠳᠤᠨ ᠠᠪᠬᠤ ᠳᠠᠭᠠᠨ ᠲᠠᠭᠯᠠᠭᠰᠠᠨ  ᠨᠡᠷ᠎ᠡ᠂ᠬᠠᠶ᠋ᠢᠭ᠂ ᠸᠢᠴᠠᠲ ᠤᠨ ᠨᠠᠶᠢᠵᠠ ᠶᠢᠨ ᠲᠣᠭᠤᠷᠢᠭ ᠤᠨ ᠪᠠᠶᠢᠷᠢ ᠲᠣᠭᠲᠠᠭᠠᠯᠲᠠ ᠵᠡᠷᠭᠡ ᠨᠢ ᠴᠥᠮ ᠰᠠᠨᠠᠭᠠᠨ ᠳᠤ ᠥᠬᠡᠶ ᠪᠠᠷ ᠬᠤᠪᠢ‌‍ᠬᠦ᠋ᠮᠦᠨ ᠤ ᠨᠢᠭᠤᠴᠠ ᠶᠢᠨ ᠮᠡᠳᠡᠭᠡ ᠵᠠᠩᠭᠢ ᠶᠢ ᠵᠠᠳᠠᠷᠠᠭᠤᠯᠵᠤ ᠮᠡᠳᠡᠨ᠎ᠡ ᠬᠡᠵᠦ ᠬᠡᠯᠡᠪᠡ᠃ ᠼᠤᠤ ᠵᠢᠩ ᠵᠢᠶᠧ ᠬᠡᠯᠡᠬᠦ ᠳᠡᠭᠡᠨ᠂ ᠣᠳᠣᠬᠠᠨ ᠳᠤ  ᠬᠡᠷᠡᠭᠯᠡᠭᠴᠢ ᠶᠢᠨ ᠬᠤᠪᠢ ᠬᠥᠮᠦᠨ ᠤ  ᠮᠡᠳᠡᠭᠡ  ᠵᠠᠩᠭᠢ ᠵᠢ‌ᠬᠤᠳᠠᠯᠳᠤᠭᠠᠯᠠᠬᠤ ᠦᠵᠡᠭᠳᠡᠯ ᠪᠠᠶᠢᠨ ᠲᠠᠬᠢᠨ ᠭᠠᠷᠴᠤ᠂ ᠬᠤᠭ ᠨᠣᠪᠰᠢ ᠪᠦᠬᠦᠢ ᠣᠬᠤᠷ  ᠮᠡᠳᠡᠭᠡ  ᠵᠠᠩᠭᠢ ᠨᠢ  ᠴᠦ ᠬᠥᠮᠦᠰ ᠢ ᠳᠤᠷ᠎ᠠ ᠦᠭᠡᠶᠢᠴᠡᠭᠦᠯᠵᠦ ᠪᠠᠶᠢᠨ᠎ᠠ᠃ ᠡᠶᠢᠮᠦᠷᠬᠦ ᠠᠰᠠᠭᠤᠳᠠᠯ ᠠᠴᠠ ᠠᠯᠢ ᠴᠢᠳᠠᠬᠤ ᠪᠠᠷ ᠵᠠᠶᠢᠯᠠᠰᠬᠢᠬᠦ  ᠭᠡᠪᠡᠯ᠂ ᠬᠥᠮᠦᠨ  ᠪᠣᠯᠭᠠᠨ ᠰᠡᠷᠭᠡᠶᠢᠯᠡᠬᠦ ᠤᠬᠠᠮᠰᠠᠷ ᠢᠶᠠᠨ ᠳᠡᠭᠡᠭᠰᠢᠯᠡᠭᠦᠯᠵᠦ᠂ ᠵᠣᠬᠢᠬᠤ ᠬᠡᠮᠵᠢᠶ᠎ᠡ ᠪᠠᠷ ︽ᠨᠠᠶᠢᠵᠠ ᠶᠢᠨ  ᠲᠤᠭᠤᠷᠢᠭ ᠲᠠᠭᠠᠨ ᠨᠠᠶᠢᠳᠠᠯᠠᠵᠤ︾᠂ ᠲᠠᠨᠢᠯ ᠪᠤᠰᠤ ᠬᠥᠮᠦᠨ ᠤ ᠬᠠᠩᠭᠠᠭᠰᠠᠨ ᠮᠡᠳᠡᠭᠡ ᠵᠠᠩᠭᠢ ᠶᠢ ᠳᠤᠷ᠎ᠠ ᠪᠠᠷ ᠢᠶᠠᠨ ᠲᠤᠪᠴᠢᠳᠠᠵᠤ  ᠪᠣᠯᠬᠤ  ᠥᠬᠡᠶ᠂ ᠰᠦᠯᠵᠢᠶᠡᠨ ᠤ ᠲᠠᠪᠴᠠᠩ ᠳᠡᠭᠡᠷ᠎ᠡ ᠠᠯᠢ ᠴᠢᠳᠠᠬᠤ ᠪᠠᠷ ᠥᠪᠡᠷ ᠤᠨ ᠦᠨᠡᠨ ᠨᠡᠷ᠎ᠡ ᠪᠠᠨ ᠬᠡᠷᠡᠭᠯᠡᠬᠦ ᠦᠭᠡᠢ ᠪᠠᠶᠢᠬᠤ ᠬᠡᠷᠡᠭᠳᠡᠢ᠃ ︽︿ᠬᠠᠺᠧᠷ﹀ ᠲᠠ ᠪᠢᠳᠡᠨ ᠤ ᠬᠠᠵᠠᠭᠤ ᠳᠤ ᠪᠠᠶᠢᠵᠤ ᠮᠡᠳᠡᠨ᠎ᠡ ᠰᠢᠦ︾ ᠬᠡᠵᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号