︽5G︾ ᠶᠢᠨ ᠴᠠᠭ ᠦᠶ᠎ᠡ ᠬᠦᠷᠴᠦ ᠢᠷᠡᠬᠦ ᠶᠢ ᠳᠠᠭᠠᠯᠳᠤᠨ᠂ ᠰᠦᠯᠵᠢᠶᠡᠨ ᠤ ᠠᠮᠤᠷ ᠲᠦᠪᠰᠢᠨ ᠨᠢ ᠤᠯᠠᠨ | ᠨᠡᠶᠢᠳᠡ ᠶᠢᠨ ᠥᠷᠭᠡᠨ ᠢᠶᠠᠷ ᠠᠩᠬᠠᠷᠴᠤ ᠪᠠᠶᠢᠭ᠎ᠠ ᠰᠡᠳᠦᠪ ᠪᠣᠯᠪᠠ᠃ ᠰᠦᠯᠵᠢᠶᠡᠨ ᠤ ᠠᠮᠤᠷ ᠲᠦᠪᠰᠢᠨ ᠨᠢ | ᠤᠯᠤᠰ ᠤᠨ ᠠᠮᠤᠷ ᠲᠦᠪᠰᠢᠨ ᠲᠠᠢ ᠬᠤᠯᠪᠣᠭᠳᠠᠬᠤ ᠪᠦᠭᠡᠳ ᠮᠥᠨ ᠴᠦ ᠮᠠᠨ ᠤ ᠬᠥᠮᠦᠨ ᠨᠢᠭᠡᠪᠦᠷᠢ ᠶᠢᠨ ᠡᠳᠦᠷ | ᠲᠤᠲᠤᠮ ᠤᠨ ᠠᠮᠢᠳᠤᠷᠠᠯ ᠲᠠᠢ ᠨᠢᠭᠲᠠ ᠬᠤᠯᠪᠣᠭ᠎ᠠ ᠲᠠᠢ ᠶᠤᠮ᠂ ᠪᠢᠳᠡ ᠶᠠᠮᠠᠷ ᠠᠷᠭ᠎ᠠ ᠨᠤᠭᠤᠳ ᠢ ᠠᠪᠤᠪᠠᠯ ᠬᠤᠪᠢ | ᠬᠥᠮᠦᠨ ᠤ ᠮᠡᠳᠡᠭᠡ ᠵᠠᠩᠭᠢ ᠵᠠᠳᠠᠷᠠᠬᠤ ᠠᠴᠠ ᠬᠢᠴᠢᠶᠡᠵᠦ ᠴᠢᠳᠠᠬᠤ ᠪᠣᠶ︖ ᠤᠴᠠᠷᠠᠵᠤ ᠮᠡᠳᠡᠬᠦ ᠡᠳ᠋ | ᠬᠥᠷᠥᠩᠭᠡ ᠶᠢᠨ ᠬᠤᠬᠢᠷᠠᠯ ᠠᠴᠠ ᠬᠡᠷᠬᠢᠨ ᠵᠠᠶᠢᠯᠠᠬᠤ ᠪᠤᠢ︖ ᠡᠳᠡᠭᠡᠷ ᠤᠴᠢᠷ ᠢ ᠲᠠ ᠮᠡᠳᠡᠵᠦ ᠠᠪᠤᠭᠠᠷᠠᠢ᠃ | ᠲᠠᠨ ᠤ SIM ᠺᠠᠷᠲ ᠲᠠᠭᠠᠨ ᠨᠢᠭᠤᠴᠠ ᠨᠣᠮᠧᠷ ᠲᠠᠭᠠᠷᠠᠭᠤᠯᠤᠬᠰᠠᠨ ᠤᠤ︖ ᠮᠠᠰᠢ ᠣᠯᠠᠨ ᠬᠥᠮᠦᠰ ᠭᠠᠷ | ᠤᠲᠠᠰᠤ ᠨᠡᠭᠡᠭᠡᠬᠦ ᠨᠢᠭᠤᠴᠠ ᠨᠣᠮᠧᠷ᠂ ᠲᠣᠭᠠᠴᠠᠭ᠎ᠠ ᠬᠢᠬᠦ ᠨᠢᠭᠤᠴᠠ ᠨᠣᠮᠧᠷ ᠲᠠᠭᠠᠷᠠᠭᠤᠯᠬᠤ ᠳᠠᠳᠬᠠᠯ ᠲᠠᠢ ᠪᠠᠶᠢᠳᠠᠭ᠃ | ᠭᠡᠪᠡᠴᠦ ᠲᠠ ᠥᠪᠡᠷ ᠤᠨ SIM ᠺᠠᠷᠲ ᠲᠠᠭᠠᠨ ᠨᠢᠭᠤᠴᠠ ᠨᠣᠮᠧᠷ ᠲᠠᠭᠠᠷᠠᠭᠤᠯᠤᠬᠰᠠᠨ ᠤᠤ︖ ᠯᠢᠦᠢ ᠮᠧᠡᠭ | ᠰᠢᠨᠵᠢᠯᠡᠬᠦ ᠤᠬᠠᠭᠠᠨ ᠮᠡᠷᠭᠡᠵᠢᠯ ᠤᠨ ᠪᠦᠯᠦᠭᠯᠡᠯ ᠤᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ | ᠲᠢᠶᠠᠨᠵᠢᠨ ᠤ ᠮᠡᠷᠭᠡᠵᠢᠯ ᠤᠨ ᠶᠡᠷᠦᠩᠬᠡᠶ ᠬᠢᠨᠠᠭᠴᠢ ᠼᠤᠤ ᠵᠢᠩ ᠵᠢᠶᠧ ᠲᠠᠨᠢᠯᠴᠠᠭᠤᠯᠬᠤ ᠳᠠᠭᠠᠨ᠂ ᠵᠥᠪᠬᠡᠨ ᠭᠠᠷ | ᠤᠲᠠᠰᠤᠨ ᠳᠠᠭᠠᠨ ᠨᠢᠭᠤᠴᠠ ᠨᠣᠮᠧᠷ ᠲᠠᠭᠠᠷᠠᠭᠤᠯᠵᠤ᠂ SIM ᠺᠠᠷᠲ ᠲᠠᠭᠠᠨ ᠨᠢᠭᠤᠴᠠ ᠨᠣᠮᠧᠷ ᠲᠠᠭᠠᠷᠠᠭᠤᠯᠬᠤ ᠶᠢ | ᠤᠮᠳᠤᠭᠠᠶᠢᠯᠠᠬᠤ ᠳᠤ ᠬᠦᠷᠪᠡᠯ ᠡᠳ᠋ ᠬᠥᠷᠥᠩᠭᠡ ᠶᠢᠨ ᠬᠤᠬᠢᠷᠠᠯ ᠳᠤ ᠤᠴᠠᠷᠠᠵᠤ ᠮᠡᠳᠡᠨ᠎ᠡ ᠬᠡᠵᠦ ᠬᠡᠯᠡᠪᠡ᠃ ᠼᠤᠤ ᠵᠢᠩ | ᠵᠢᠶᠧ᠄ ᠬᠤᠪᠢ ᠬᠥᠮᠦᠨ ᠤ ᠮᠡᠳᠡᠭᠡ ᠵᠠᠩᠭᠢ ᠨᠢ ᠶᠡᠷᠦ ᠳᠡᠭᠡᠨ ᠭᠠᠷ ᠤᠲᠠᠰᠤᠨ ᠤ ᠨᠣᠮᠧᠷ ᠲᠠᠢ ᠨᠢᠭᠲᠠ | ᠬᠤᠯᠪᠣᠭ᠎ᠠ ᠲᠠᠢ ᠪᠠᠶᠢᠵᠤ᠂ ᠴᠥᠭᠡᠨ ᠪᠤᠰᠤ App ᠲᠠᠩᠰᠠᠨ ᠨᠣᠮᠧᠷ ᠢ ᠪᠤᠯ ᠴᠥᠮ ᠰᠢᠯᠭᠠᠨ ᠪᠠᠲᠤᠯᠠᠬᠤ | ᠺᠣᠳ᠋ ᠢᠶᠠᠷ ᠳᠠᠮᠵᠢᠭᠤᠯᠤᠨ ᠨᠢᠭᠤᠴᠠ ᠨᠣᠮᠧᠷ ᠢ ᠨᠢ ᠡᠷᠢᠵᠦ ᠤᠯᠳᠠᠭ ᠪᠤᠶᠤ ᠦᠭᠡᠷᠡᠴᠢᠯᠡᠵᠦ ᠪᠣᠯᠳᠠᠭ᠃ ᠵᠠᠷᠢᠮ ᠬᠠᠤᠯᠢ | ᠪᠤᠰᠤ ᠡᠲᠡᠭᠡᠳ ᠶᠠᠭ ᠡᠨᠡᠬᠦ ᠳᠤᠲᠠᠭᠳᠠᠯ ᠢ ᠠᠰᠢᠭᠯᠠᠨ᠂ ᠭᠠᠷ ᠤᠲᠠᠰᠤ ᠣᠯᠵᠤ ᠠᠪᠤᠭᠰᠠᠨ ᠤ ᠳᠠᠷᠠᠭ᠎ᠠ SIM | ᠺᠠᠷᠲ ᠢ ᠨᠢ ᠭᠠᠷᠭᠠᠵᠤ ᠠᠪᠤᠭᠠᠳ᠂ ᠴᠢᠨᠦ ᠡᠳ᠋ ᠬᠥᠷᠥᠩᠭᠡ ᠶᠢᠨ ᠠᠮᠤᠷ ᠲᠦᠪᠰᠢᠨ ᠢ ᠰᠦᠷᠳᠡᠭᠦᠯᠵᠦ ᠪᠠᠶᠢᠳᠠᠭ᠃ ︽ | ᠬᠡᠳᠦ᠋ᠢᠪᠡᠷ ᠭᠠᠷ ᠤᠲᠠᠰᠤ ᠶᠢ ᠴᠢᠨᠢ ᠨᠡᠭᠡᠭᠡᠵᠦ ᠲᠡᠶᠢᠯᠬᠦ ᠦᠭᠡᠢ ᠪᠣᠯᠪᠠᠴᠤ SIM ᠺᠠᠷᠲ ᠢᠶᠠᠷ ᠴᠢᠨᠢ ᠳᠠᠮᠵᠢᠭᠤᠯᠤᠨ | ᠴᠢᠨᠦ ᠵᠤᠭᠤᠰ ᠢ ᠬᠤᠯᠠᠭᠠᠶᠢᠯᠠᠨ ᠠᠪᠴᠤ ᠪᠣᠯᠳᠠᠭ︾ ᠬᠡᠵᠦ ᠬᠡᠯᠡᠵᠡᠢ᠃ ᠲᠠ ᠬᠤᠤᠷᠳᠤ ᠰᠠᠨᠠᠭ᠎ᠠ ᠪᠠᠷ ᠭᠠᠷᠭᠠᠬᠰᠠᠨ | ᠬᠤᠶᠠᠷ ᠬᠡᠮᠵᠢᠯᠳᠦ ᠺᠣᠳ᠋ ᠢ ᠰᠢᠷᠪᠢᠵᠦ ᠥᠩᠭᠡᠷᠡᠭᠰᠡᠨ ᠤᠤ︖ ᠡᠯᠧᠺᠲᠷᠣᠨ ᠢᠶᠠᠷ ᠲᠤᠭᠠᠴᠠᠭ᠎ᠠ ᠬᠢᠬᠦ ᠶᠠᠪᠤᠳᠠᠯ | ᠬᠥᠭᠵᠢᠬᠦ ᠶᠢ ᠳᠠᠭᠠᠯᠳᠤᠨ᠂ ᠪᠡᠯᠡᠨ ᠵᠣᠭᠤᠰ ᠢᠶᠠᠷ ᠲᠤᠭᠠᠴᠠᠭ᠎ᠠ ᠬᠢᠬᠦ ᠦᠭᠡᠢ ᠪᠤᠯᠤᠬᠰᠠᠨ ᠨᠢ ᠨᠢᠭᠡᠨᠲᠡ ᠬᠥᠮᠦᠨ | ᠨᠢᠭᠡᠪᠦᠷᠢ ᠶᠢᠨ ᠠᠮᠢᠳᠤᠷᠠᠯ ᠳᠤ ᠭᠦᠨᠵᠡᠭᠡᠶᠢᠷᠡᠵᠠᠢ᠂ ᠬᠡᠪᠡᠴᠤ ᠵᠠᠷᠢᠮ ᠬᠠᠤᠯᠢ ᠪᠤᠰᠤ ᠡᠲᠡᠭᠡᠳ ᠮᠣᠳᠣᠨ ᠮᠣᠷᠢᠨ ᠤ | ᠸᠢᠷᠦ᠋ᠰ᠂ ᠵᠢᠭᠠᠰᠤ ᠭᠥᠬᠢᠳᠡᠬᠦ ᠵᠥᠭᠡᠯᠡᠨ ᠲᠣᠨᠤᠭ ᠢ ᠣᠶᠠᠷ ᠬᠡᠮᠵᠢᠯᠳᠦ ᠺᠣᠳ᠋ ᠲᠤ ᠵᠠᠯᠭᠠᠵᠤᠤᠷᠤᠭᠤᠯᠤᠨ | ᠬᠥᠮᠦᠰ ᠤᠨ ᠮᠡᠳᠡᠭᠡ ᠵᠠᠩᠭᠢ ᠶᠢᠨ ᠠᠮᠤᠷ ᠲᠦᠪᠰᠢᠨ ᠢ ᠰᠦᠷᠳᠡᠭᠦᠯᠵᠦ ᠪᠠᠶᠢᠨ᠎ᠠ᠃ ᠴᠢ ᠠᠨ ᠰᠢᠨ ᠰᠢᠨᠵᠢᠯᠡᠬᠦ | ᠤᠬᠠᠭᠠᠨ ᠮᠡᠷᠭᠡᠵᠢᠯ ᠤᠨ ᠪᠦᠯᠦᠭᠯᠡᠯ ᠤᠨ ᠲᠢᠶᠠᠨᠵᠢᠨ ᠤ ᠮᠡᠷᠭᠡᠵᠢᠯ ᠤᠨ ᠶᠡᠷᠦᠩᠬᠡᠶ ᠬᠢᠨᠠᠭᠴᠢ ᠼᠦᠢ ᠽᠦᠩ ᠹᠦ᠋ | ᠲᠠᠨᠢᠯᠴᠠᠭᠤᠯᠬᠤ ᠳᠠᠭᠠᠨ᠂ ᠣᠳᠣᠬᠠᠨ ᠳᠤ ᠬᠤᠤᠷᠳᠤ ᠰᠠᠨᠠᠭ᠎ᠠ ᠪᠠᠷ ᠭᠠᠷᠭᠠᠬᠰᠠᠨ ᠬᠤᠶᠠᠷ ᠬᠡᠮᠵᠢᠯᠳᠦ ᠺᠣᠳ᠋ ᠨᠢ | ᠭᠤᠤᠯᠳᠠᠭᠤ ᠮᠡᠳᠡᠭᠡ ᠵᠠᠩᠭᠢ ᠵᠠᠳᠠᠷᠠᠭᠤᠯᠬᠤ᠂ ᠪᠡᠶ᠎ᠡ ᠰᠡᠳᠬᠢᠯ ᠪᠠ ᠡᠳ᠋ ᠬᠥᠷᠥᠩᠭᠡ ᠶᠢᠨ ᠬᠤᠬᠢᠷᠠᠯ ᠤᠴᠠᠷᠠᠭᠤᠯᠬᠤ᠂ | ᠣᠳᠣᠨ ᠮᠣᠷᠢᠨ ᠤ ᠸᠢᠷᠦ᠋ᠰ ᠲᠠᠷᠬᠠᠭᠠᠬᠤ ᠵᠡᠷᠭᠡ ᠲᠠᠯ᠎ᠠ ᠶᠢᠨ ᠠᠶᠤᠯ ᠲᠦᠭᠰᠢᠭᠦᠷᠢ ᠶᠢ ᠠᠪᠴᠢᠷᠠᠵᠤ ᠮᠡᠳᠡᠨ᠎ᠡ ᠬᠡᠵᠦ | ᠬᠡᠯᠡᠪᠡ᠃ ᠡᠭᠦᠨ ᠤ ᠲᠤᠬᠠᠢ ᠲᠡᠷᠡ ᠰᠠᠨᠠᠭᠤᠯᠤᠨ ᠬᠡᠯᠡᠬᠦ ᠳᠡᠭᠡᠨ᠂ ᠢᠷᠡᠯᠲᠡ ᠨᠢ ᠲᠣᠳᠣᠷᠬᠠᠶ ᠦᠭᠡᠢ ᠬᠤᠶᠠᠷ ᠬᠡᠮᠵᠢᠯᠳᠦ | ᠺᠣᠳ᠋ ᠢ ᠳᠤᠷ᠎ᠠ ᠪᠠᠷ ᠢᠶᠠᠨ ᠰᠢᠷᠪᠢᠵᠦ ᠪᠣᠯᠬᠤ ᠦᠭᠡᠢ᠂ ᠺᠣᠳ᠋ ᠰᠢᠷᠪᠢᠭᠰᠡᠨ ᠤ ᠳᠠᠷᠠᠭ᠎ᠠ ᠬᠠᠮᠢᠶ᠎ᠠ ᠪᠦᠬᠦᠢ ᠮᠡᠳᠡᠭᠡ | ᠵᠠᠩᠭᠢ ᠶᠢ ᠨᠠᠷᠢᠨ ᠬᠢᠨᠠᠮᠠᠭᠠᠶ ᠬᠠᠷᠭᠤᠭᠤᠯᠵᠤ ᠦᠵᠡᠬᠦ ᠬᠡᠷᠡᠭᠳᠡᠢ᠂ ᠪᠠᠰᠠ ᠨᠡᠷ᠎ᠡ ᠠᠯᠳᠠᠷ ᠢᠶᠠᠷ ᠦᠨᠳᠦᠷ᠂ ᠠᠮᠤᠷ | ᠲᠦᠪᠰᠢᠨ ᠢᠶᠠᠷ ᠴᠢᠩᠭ᠎ᠠ ᠠᠮᠤᠷ ᠲᠦᠪᠰᠢᠨ ᠤ ᠵᠥᠭᠡᠯᠡᠨ ᠲᠤᠨᠤᠭ ᠤᠳ ᠢ ᠪᠠᠭᠤᠯᠭᠠᠨ ᠠᠪᠴᠤ ᠠᠶᠤᠯ | ᠲᠦᠭᠰᠢᠭᠦᠷᠢ ᠠᠴᠠ ᠵᠠᠶᠢᠯᠠᠵᠤ ᠪᠣᠯᠤᠨ᠎ᠠ ᠬᠡᠪᠠ᠃ ︽ᠠᠮᠤᠷᠲ᠋ᠦ᠋ᠪᠰᠢᠨ ᠤ ᠤᠬᠠᠮᠰᠠᠷ ᠢᠶᠠᠨ ᠴᠢᠩᠭᠠᠳᠬᠠᠵᠤ᠂ | ᠢᠷᠡᠯᠲᠡ ᠨᠢ ᠲᠣᠳᠣᠷᠬᠠᠶ ᠥᠬᠡᠶ ᠬᠤᠶᠠᠷ ᠬᠡᠮᠵᠢᠯᠳᠦ ᠺᠣᠳ᠋ ᠲᠤ ᠢᠯᠡᠭᠦᠭᠡᠨᠰᠡᠷᠡᠮᠵᠢ ᠲᠠᠢ ᠪᠠᠶᠢᠵᠤ᠂ ᠬᠠᠤᠯᠢ | ᠪᠤᠰᠤ ᠡᠲᠡᠭᠡᠳ ᠲᠤ ᠵᠠᠪᠰᠢᠬᠤ ᠲᠤᠬᠢᠶᠠᠯ ᠥᠭᠴᠦ ᠪᠣᠯᠬᠤ ᠥᠬᠡᠶ︾ ᠬᠡᠵᠦ ᠼᠦᠢ ᠽᠦᠩ ᠹᠦ᠋ᠬᠡᠯᠡᠵᠠᠢ᠃ ᠣᠯᠠᠨ | ᠨᠡᠶᠢᠲᠡ ᠶᠢᠨ ᠲᠠᠯᠠᠪᠤᠷ ᠲᠠᠬᠢ ᠰᠦᠢᠳᠬᠡᠯ ᠬᠤᠷᠢᠶᠠᠬᠤ ᠦᠭᠡᠢ WiFi ᠶᠢ ᠬᠤᠯᠪᠤᠨ ᠵᠠᠯᠭᠠᠬᠤ ᠲᠤᠷᠠᠳᠠᠢ | ᠪᠠᠶᠢᠳᠠᠭ ᠤᠤ︖ ︽ᠭᠥᠬᠢᠳᠡᠭᠳᠡᠬᠦ︾ ᠠᠴᠠ ᠬᠢᠴᠢᠶᠡᠭᠡᠷᠡᠢ︕ ᠨᠢᠭᠡ ᠴᠣᠮᠣ ᠺᠤᠹᠧ ᠠᠪᠤᠭᠠᠳ᠂ ᠺᠤᠹᠧ ᠶᠢᠨ | ᠮᠤᠬᠤᠯᠠᠭ ᠤᠨ ᠰᠦᠢᠳᠬᠡᠯ ᠬᠤᠷᠢᠶᠠᠬᠤ ᠦᠭᠡᠶ WiFi ᠶᠢ ᠬᠤᠯᠪᠤᠨᠵᠠᠯᠭᠠᠵᠦ ᠵᠦᠴᠦᠭᠡ ᠦᠵᠡᠵᠦ ᠰᠠᠭᠤᠳᠠᠭ ᠨᠢ | ᠴᠥᠭᠡᠨ ᠪᠤᠰᠤ ᠵᠠᠯᠠᠭᠤᠴᠤᠳ ᠤᠨ ᠠᠵᠢᠯ ᠤᠨ ᠴᠢᠯᠥᠭᠡᠨ ᠳᠡᠭᠡᠨ ᠰᠡᠳᠬᠢᠯ ᠰᠠᠨᠠᠭ᠎ᠠ ᠪᠠᠨ ᠠᠮᠠᠷᠠᠭᠤᠯᠵᠦ ᠶᠠᠳᠠᠷᠠᠭ᠎ᠠ | ᠴᠢᠯᠡᠭᠡ ᠪᠠᠨ ᠲᠠᠶᠢᠯᠬᠤ ᠠᠷᠭ᠎ᠠ ᠬᠡᠯᠪᠡᠷᠢ ᠪᠤᠯᠵᠠᠢ᠃ ᠱᠧᠨ ᠰᠢᠨ ᠹᠦ᠋ ᠰᠢᠨᠵᠢᠯᠡᠬᠦ ᠤᠬᠠᠭᠠᠨ ᠮᠡᠷᠭᠡᠵᠢᠯ ᠤᠨ ᠬᠤᠪᠢ | ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ ᠲᠢᠶᠠᠨᠵᠢᠨ ᠲᠤᠭᠤᠷᠢᠭ ᠤᠨ ᠦᠢᠯᠡᠳᠬᠦᠨ ᠤ ᠲᠤᠰᠬᠠᠶ ᠮᠡᠷᠭᠡᠵᠢᠯᠲᠡᠨ | ᠵᠢᠩ ᠢᠦᠶ ᠴᠢᠩ ᠰᠠᠨᠠᠭᠤᠯᠤᠨ ᠬᠡᠯᠡᠬᠦ ᠳᠡᠭᠡᠨ᠂ ᠣᠯᠠᠨ ᠨᠡᠶᠢᠲᠡ ᠶᠢᠨ ᠲᠠᠯᠠᠪᠤᠷ ᠲᠠᠬᠢ ︽ᠵᠢᠭᠠᠰᠤ ᠭᠥᠬᠢᠳᠡᠬᠦWiFi | ︾ ᠠᠴᠠ ᠰᠡᠷᠡᠮᠵᠢᠯᠡᠬᠦ ᠬᠡᠷᠡᠭᠲᠡᠶ ᠭᠡᠪᠡ᠃ ᠵᠢᠩ ᠢᠦᠶ ᠴᠢᠩ᠄ ︽ᠣᠯᠠᠨ ᠨᠡᠶᠢᠲᠡ ᠶᠢᠨ ᠲᠠᠯᠠᠪᠤᠷ ᠲᠤ ᠨᠡᠭᠡᠭᠡᠯᠳᠡ | ᠲᠠᠢ ᠪᠠᠷ ᠬᠡᠷᠡᠭᠯᠡᠬᠦ WiFi ᠨᠢᠭᠡ ᠪᠠᠷ ᠵᠤᠬᠰᠤᠬᠤ ᠦᠭᠡᠢ ᠤᠯᠠᠨ ᠪᠠᠶᠢᠳᠠᠭ᠂ ᠵᠠᠷᠢᠮ ᠬᠠᠤᠯᠢ ᠪᠤᠰᠤ ᠡᠲᠡᠭᠡᠳ | ᠰᠢᠯᠵᠢᠮᠡᠯ ᠰᠠᠭᠤᠷᠢ ᠥᠷᠲᠡᠭᠡ ᠪᠠᠶᠢᠭᠤᠯᠬᠤ ᠠᠷᠭ᠎ᠠ ᠪᠠᠷᠣᠯᠠᠨ ᠬᠦᠮᠦᠰ ᠢ ᠬᠦᠳᠦᠯᠦᠨ ᠲᠠᠭᠠᠭᠤᠯᠵᠤ ᠵᠠᠯᠭᠠᠭᠤᠯᠳᠠᠭ | ᠪᠠᠶᠢᠨ᠎ᠠ᠂ ᠲᠡᠭᠡᠭᠦ ᠪᠠᠷ ᠴᠢᠨᠦ ᠨᠡᠶᠢᠲᠡᠯᠡᠭᠰᠡᠨ ᠮᠡᠳᠡᠭᠡ ᠵᠠᠩᠭᠢ᠂ ᠰᠦᠯᠵᠢᠶᠡᠨ ᠥᠷᠲᠡᠭᠡ ᠶᠢ ᠰᠤᠷᠪᠤᠯᠵᠢᠯᠠᠭᠰᠠᠨ | ᠲᠡᠮᠳᠡᠭᠯᠡᠯ᠂ ᠴᠢᠨᠠᠭᠰᠢᠯᠠᠪᠠᠯ ᠰᠦᠯᠵᠢᠶ᠎ᠡ ᠳᠤ ᠭᠠᠷᠬᠤ ᠨᠢᠭᠤᠴᠠ ᠨᠣᠮᠧᠷ ᠢ ᠴᠢᠨᠢ ᠴᠥᠮ ᠬᠠᠤᠯᠢ ᠪᠤᠰᠤ ᠡᠲᠡᠭᠡᠳ | ᠬᠤᠯᠠᠭᠠᠶᠢᠯᠠᠨ ᠠᠪᠴᠤ ᠮᠡᠳᠡᠨ᠎ᠡ᠃ ᠡᠭᠦᠨ ᠠᠴᠠ ᠭᠠᠳᠠᠨ᠎ᠠ᠂ ᠵᠠᠷᠢᠮ ᠬᠤᠤᠷᠳᠤ ᠰᠠᠨᠠᠭ᠎ᠠ ᠪᠠᠷ ᠭᠠᠷᠭᠠᠬᠰᠠᠨ ᠵᠥᠭᠡᠯᠡᠨ | ᠲᠣᠨᠤᠭ ᠨᠢ ᠰᠦᠯᠵᠢᠶ᠎ᠡ ᠳᠤ ᠬᠤᠯᠪᠣᠭᠳᠠᠨ ᠣᠷᠣᠬᠤ ᠲᠠᠢ ᠵᠡᠷᠭᠡᠪᠡᠷ ᠬᠡᠷᠡᠭᠯᠡᠭᠴᠢᠳ ᠤᠨ ᠬᠠᠶ᠋ᠢᠭ ᠤᠨᠲ᠋ᠤᠪᠶᠤᠭ᠂ ᠭᠡᠷᠡᠯ | ᠵᠢᠷᠤᠭ ᠤᠨ ᠳᠡᠪᠲᠡᠷ᠂ ᠲᠤᠭᠠᠴᠠᠭ᠎ᠠ ᠬᠢᠭᠰᠡᠨ ᠮᠡᠳᠡᠭᠡ ᠵᠠᠩᠭᠢ ᠵᠡᠷᠭᠡ ᠶᠢ ᠣᠯᠵᠤ ᠠᠪᠲᠠᠭ᠃ | ᠨᠡᠶᠢᠲᠡ ᠵᠢᠨᠲ᠋ᠠᠯᠠᠪᠤᠷ ᠲᠠᠬᠢ WiFi ᠶᠢ ᠬᠤᠯᠪᠤᠨ ᠵᠠᠯᠭᠠᠬᠤ ᠦᠶᠡᠰ ᠵᠠᠪᠠᠯ ᠬᠢᠴᠢᠶᠡᠬᠦ ᠬᠡᠷᠡᠭᠲᠡᠶ︾ ᠬᠡᠵᠦ ᠬᠡᠯᠡᠵᠡᠢ᠃ | ᠲᠠᠨ ᠤ ᠨᠢᠭᠤᠴᠠ ᠨᠣᠮᠧᠷ ᠴᠢᠨᠢ ᠠᠮᠤᠷ ᠲᠦᠪᠰᠢᠨ ᠤᠤ︖ ︽ᠪᠦᠬᠦ ᠶᠠᠭᠤᠮᠠᠨ ᠳᠡᠭᠡᠨ ᠨᠢᠭᠡ ᠯᠡ ᠨᠢᠭᠤᠴᠠ | ᠨᠣᠮᠧᠷ ᠢ ᠬᠡᠷᠡᠭᠯᠡᠳᠡᠭ︾ ᠨᠢ ᠮᠠᠰᠢ ᠣᠯᠠᠨ ᠬᠥᠮᠦᠨ ᠤ ᠵᠠᠩ ᠳᠠᠳᠬᠠᠯ ᠪᠣᠯᠤᠨ᠎ᠠ᠂ ᠭᠡᠬᠦ ᠳᠡᠭᠡᠨ ᠢᠡᠭᠭᠢᠵᠦ ᠨᠢᠭᠤᠴᠠ | ᠨᠣᠮᠧᠷ ᠲᠠᠭᠠᠷᠠᠭᠤᠯᠬᠤ ᠠᠷᠭ᠎ᠠ ᠮᠠᠶ᠋ᠢᠭ ᠨᠢ ᠳᠥᠭᠦᠮ᠂ ᠴᠡᠭᠡᠵᠢᠯᠡᠬᠦ ᠳᠤ ᠠᠮᠠᠷᠬᠠᠨ ᠪᠤᠯᠪᠠᠴᠤ ᠬᠤᠪᠢ ᠬᠥᠮᠦᠨ ᠤ | ᠮᠡᠳᠡᠭᠡ ᠵᠠᠩᠭᠢ ᠵᠠᠳᠠᠷᠠᠬᠤ ᠠᠶᠤᠯ ᠲᠦᠭᠰᠢᠭᠦᠷᠢ ᠶᠢ ᠨᠡᠮᠡᠭᠳᠡᠭᠦᠯᠦᠭᠰᠡᠨ ᠪᠠᠶᠢᠨ᠎ᠠ᠃ ᠼᠦᠢ ᠽᠦᠩ ᠹᠦ᠋ | ᠲᠠᠨᠢᠯᠴᠠᠭᠤᠯᠬᠤ ᠳᠠᠭᠠᠨ᠂ ᠡᠩ ᠤᠨ ᠪᠠᠶᠢᠳᠠᠯ ᠲᠤᠤᠷ᠎ᠠ ᠬᠠᠤᠯᠢ ᠪᠤᠰᠤ ᠡᠲᠡᠭᠡᠳ ᠳᠥᠷᠪᠡᠨ ᠵᠦᠢᠯ ᠤᠨ ᠠᠷᠭ᠎ᠠ | ᠮᠠᠶ᠋ᠢᠭ ᠢᠶᠠᠷ ᠬᠡᠷᠡᠭᠯᠡᠭᠴᠢ ᠶᠢᠨ ᠨᠢᠭᠤᠴᠠ ᠨᠣᠮᠧᠷ ᠢ ᠡᠪᠳᠡᠬᠦ ᠪᠠᠷ ᠲᠤᠷᠰᠢᠵᠦ ᠪᠠᠶᠢᠳᠠᠭ᠂ ᠨᠢᠭᠡ ᠳᠤ ᠬᠦᠴᠦᠷᠬᠡᠭᠯᠡᠯ ᠤᠨ | ᠠᠷᠭ᠎ᠠ ᠪᠠᠷ ᠡᠪᠳᠡᠳᠡᠭ᠃ ᠲᠤᠬᠠᠶᠢᠯᠠᠪᠠᠯ ᠵᠣᠬᠢᠬᠤ ᠳᠠᠪᠲᠠᠮᠵᠢ ᠪᠠᠷ ᠨᠢᠭᠤᠴᠠ ᠨᠣᠮᠧᠷ ᠢ ᠡᠪᠳᠡᠬᠦ ᠪᠠᠷ ᠲᠤᠷᠰᠢᠵᠦ | ᠪᠠᠶᠢᠳᠠᠭ᠃ ᠬᠤᠶᠠᠷ ᠲᠤ᠂ ᠬᠡᠷᠡᠭᠯᠡᠭᠴᠢ ᠵᠢᠨᠲ᠋ᠥ᠋ᠷᠥᠭᠰᠡᠨ ᠡᠳᠦᠷ ᠵᠡᠷᠭᠡ ᠬᠤᠪᠢ ᠬᠥᠮᠦᠨ ᠤ ᠮᠡᠳᠡᠭᠡ ᠵᠠᠩᠭᠢ ᠪᠠᠷ | ᠨᠢᠭᠤᠴᠠ ᠨᠣᠮᠧᠷ ᠢ ᠡᠪᠳᠡᠬᠦ ᠪᠠᠷ ᠲᠤᠷᠰᠢᠵᠦ ᠪᠠᠶᠢᠳᠠᠭ᠃ ᠭᠤᠷᠪᠠ ᠳᠤ ᠰᠤᠯᠠᠬᠠᠠ ᠠᠮᠠᠨ ᠳᠣᠬᠢᠶ᠎ᠠ ᠪᠠᠷ ᠨᠢᠭᠤᠴᠠ | ᠨᠣᠮᠧᠷ ᠢ ᠡᠪᠳᠡᠬᠦ ᠪᠠᠷ ᠲᠤᠷᠰᠢᠵᠦ ᠪᠠᠶᠢᠳᠠᠭ᠃ ᠳᠥᠷᠪᠡ ᠳᠤ ᠨᠢᠭᠡᠨᠲᠡᠣᠯᠤᠭᠰᠠᠨ ᠬᠡᠷᠡᠭᠯᠡᠭᠴᠢ ᠶᠢᠨ ᠨᠢᠭᠤᠴᠠ | ᠨᠣᠮᠧᠷ ᠢ ᠦᠨᠳᠦᠰᠦᠯᠡᠨ ᠪᠤᠰᠤᠳ ᠲᠠᠪᠴᠠᠩ ᠳᠡᠭᠡᠷ᠎ᠡ ︽ᠬᠥᠮᠥᠷᠭᠡ ᠮᠥᠷᠭᠦᠬᠦ︾ ᠠᠵᠢᠯᠯᠠᠭ᠎ᠠ ᠬᠢᠳᠡᠭ ᠬᠡᠵᠦ ᠬᠡᠯᠡᠪᠡ᠃ | ᠨᠢᠭᠤᠴᠠ ᠨᠣᠮᠧᠷ ᠲᠠᠭᠠᠷᠠᠭᠤᠯᠬᠤ ᠠᠮᠤᠷ ᠲᠦᠪᠰᠢᠨ ᠢ ᠬᠡᠷᠬᠢᠨ ᠪᠠᠲᠤᠯᠠᠬᠤ ᠪᠣᠶ︖ ᠼᠦᠢ ᠽᠦᠩ ᠹᠦ᠋ | ᠰᠠᠨᠠᠭᠤᠯᠬᠤ ᠳᠠᠭᠠᠨ᠂ ᠲᠧᠺᠰᠲ ᠲᠡᠭᠡᠷ᠎ᠡ ᠨᠢᠭᠤᠴᠠ ᠨᠣᠮᠧᠷ ᠢᠶᠠᠨ ᠬᠠᠳᠠᠭᠠᠯᠠᠵᠤ ᠪᠣᠯᠬᠤ ᠦᠭᠡᠢ᠃ ᠨᠢᠭᠤᠴᠠ ᠨᠣᠮᠧᠷ | ᠲᠠᠭᠠᠷᠠᠭᠤᠯᠬᠤ ᠳᠠᠭᠠᠨ ᠠᠯᠢ ᠴᠢᠳᠠᠬᠤ ᠪᠠᠷ ᠴᠠᠭᠠᠨ ᠲᠣᠯᠣᠭᠠᠶ᠂ ᠲᠤᠭ᠎ᠠ ᠪᠣᠯᠤᠨ ᠣᠨᠴᠠᠭᠠᠶ ᠲᠡᠮᠳᠡᠭᠲᠦ ᠶᠢ | ᠪᠠᠭᠲᠠᠭᠠᠭᠰᠠᠨ15 ᠣᠷᠣᠨ ᠠᠴᠠ ᠳᠡᠭᠡᠭᠰᠢ ︽ᠪᠠᠳᠤ ᠨᠢᠭᠤᠴᠠ ᠨᠣᠮᠧᠷ︾ ᠲᠠᠭᠠᠷᠠᠭᠤᠯᠬᠤ ᠶᠢᠨ ᠬᠠᠮᠲᠤ ᠲᠣᠭᠲᠠᠮᠠᠯ | ᠬᠤᠭᠤᠴᠠᠭ᠎ᠠ ᠲᠠᠢ ᠪᠠᠷ ᠨᠢᠭᠤᠴᠠ ᠨᠣᠮᠧᠷ ᠲᠠᠬᠢᠵᠦ ᠲᠠᠭᠠᠷᠠᠭᠤᠯᠬᠤ ᠬᠡᠷᠡᠭᠲᠡᠶ᠃ ︽ᠴᠢᠳᠠᠬᠤ ᠶᠢᠨ ᠲᠤᠳᠤᠷ᠎ᠠ | ᠥᠪᠡᠷ ᠤᠨ ᠲᠥᠷᠥᠭᠰᠡᠨ ᠡᠳᠦᠷ᠂ ᠣᠪᠣᠭ ᠨᠡᠷ᠎ᠡ ᠪᠠᠷ ᠢᠶᠠᠨ ᠳᠠᠩᠰᠠᠨ ᠤ ᠪᠠᠨ ᠨᠢᠭᠤᠴᠠ ᠨᠣᠮᠧᠷ ᠪᠣᠯᠭᠠᠵᠤ ᠪᠣᠯᠬᠤ | ᠦᠭᠡᠢ︾ ᠭᠡᠵᠦ ᠬᠡᠯᠡᠵᠡᠢ᠃ ︽ᠬᠠᠺᠧᠷ︾ ᠲᠠ ᠪᠢᠳᠡᠨ ᠤ ᠬᠠᠵᠠᠭᠤ ᠳᠤ ᠪᠠᠶᠢᠵᠤ ᠮᠡᠳᠡᠨ᠎ᠡ ︽ᠤᠷᠢᠳᠤᠬᠢ ᠶᠢ | ᠪᠤᠳᠤᠪᠠᠯ᠂ ᠣᠳᠣᠬᠠᠨ ᠤ ︽ᠬᠠᠺᠧᠷ︾ ᠬᠡᠳᠡᠭ ᠤᠨ ᠠᠶ ᠳᠤ ᠨᠠᠩ ᠶᠡᠭᠡ ᠬᠦᠷᠢᠶ᠎ᠡ ᠬᠡᠪᠴᠢᠶ᠎ᠡ ᠪᠠᠭᠳᠠᠵᠤ᠂ ᠮᠡᠳᠡᠭᠡ | ᠵᠠᠩᠭᠢ ᠤᠯᠬᠤ ᠠᠷᠭ᠎ᠠ ᠵᠠᠮ ᠨᠢ ᠴᠤ ᠨᠠᠩ ᠥᠷᠭᠡᠨ ᠪᠣᠯᠵᠠᠶ︾ ᠬᠡᠵᠦ ᠼᠤᠤ ᠵᠢᠩ ᠵᠢᠶᠧ ᠲᠠᠨᠢᠯᠴᠠᠭᠤᠯᠤᠨ | ᠬᠡᠯᠡᠭᠰᠡᠨ ᠢᠶᠠᠨ ᠵᠠᠯᠭᠠᠭᠠᠳ᠂ ᠪᠢᠳᠡᠨ ᠤ ᠰᠦᠯᠵᠢᠶᠡᠨ ᠳᠡᠭᠡᠷ᠎ᠡ ᠠᠴᠠ ᠶᠠᠭᠤᠮ᠎ᠠ ᠬᠤᠳᠠᠯᠳᠤᠨ ᠠᠪᠬᠤ ᠳᠠᠭᠠᠨ | ᠲᠠᠭᠯᠠᠭᠰᠠᠨ ᠨᠡᠷ᠎ᠡ᠂ᠬᠠᠶ᠋ᠢᠭ᠂ ᠸᠢᠴᠠᠲ ᠤᠨ ᠨᠠᠶᠢᠵᠠ ᠶᠢᠨ ᠲᠣᠭᠤᠷᠢᠭ ᠤᠨ ᠪᠠᠶᠢᠷᠢ ᠲᠣᠭᠲᠠᠭᠠᠯᠲᠠ ᠵᠡᠷᠭᠡ ᠨᠢ ᠴᠥᠮ | ᠰᠠᠨᠠᠭᠠᠨ ᠳᠤ ᠥᠬᠡᠶ ᠪᠠᠷ ᠬᠤᠪᠢᠬᠦ᠋ᠮᠦᠨ ᠤ ᠨᠢᠭᠤᠴᠠ ᠶᠢᠨ ᠮᠡᠳᠡᠭᠡ ᠵᠠᠩᠭᠢ ᠶᠢ ᠵᠠᠳᠠᠷᠠᠭᠤᠯᠵᠤ ᠮᠡᠳᠡᠨ᠎ᠡ ᠬᠡᠵᠦ | ᠬᠡᠯᠡᠪᠡ᠃ ᠼᠤᠤ ᠵᠢᠩ ᠵᠢᠶᠧ ᠬᠡᠯᠡᠬᠦ ᠳᠡᠭᠡᠨ᠂ ᠣᠳᠣᠬᠠᠨ ᠳᠤ ᠬᠡᠷᠡᠭᠯᠡᠭᠴᠢ ᠶᠢᠨ ᠬᠤᠪᠢ ᠬᠥᠮᠦᠨ ᠤ ᠮᠡᠳᠡᠭᠡ | ᠵᠠᠩᠭᠢ ᠵᠢᠬᠤᠳᠠᠯᠳᠤᠭᠠᠯᠠᠬᠤ ᠦᠵᠡᠭᠳᠡᠯ ᠪᠠᠶᠢᠨ ᠲᠠᠬᠢᠨ ᠭᠠᠷᠴᠤ᠂ ᠬᠤᠭ ᠨᠣᠪᠰᠢ ᠪᠦᠬᠦᠢ ᠣᠬᠤᠷ ᠮᠡᠳᠡᠭᠡ | ᠵᠠᠩᠭᠢ ᠨᠢ ᠴᠦ ᠬᠥᠮᠦᠰ ᠢ ᠳᠤᠷ᠎ᠠ ᠦᠭᠡᠶᠢᠴᠡᠭᠦᠯᠵᠦ ᠪᠠᠶᠢᠨ᠎ᠠ᠃ ᠡᠶᠢᠮᠦᠷᠬᠦ ᠠᠰᠠᠭᠤᠳᠠᠯ ᠠᠴᠠ ᠠᠯᠢ ᠴᠢᠳᠠᠬᠤ ᠪᠠᠷ | ᠵᠠᠶᠢᠯᠠᠰᠬᠢᠬᠦ ᠭᠡᠪᠡᠯ᠂ ᠬᠥᠮᠦᠨ ᠪᠣᠯᠭᠠᠨ ᠰᠡᠷᠭᠡᠶᠢᠯᠡᠬᠦ ᠤᠬᠠᠮᠰᠠᠷ ᠢᠶᠠᠨ ᠳᠡᠭᠡᠭᠰᠢᠯᠡᠭᠦᠯᠵᠦ᠂ ᠵᠣᠬᠢᠬᠤ ᠬᠡᠮᠵᠢᠶ᠎ᠡ ᠪᠠᠷ ︽ | ᠨᠠᠶᠢᠵᠠ ᠶᠢᠨ ᠲᠤᠭᠤᠷᠢᠭ ᠲᠠᠭᠠᠨ ᠨᠠᠶᠢᠳᠠᠯᠠᠵᠤ︾᠂ ᠲᠠᠨᠢᠯ ᠪᠤᠰᠤ ᠬᠥᠮᠦᠨ ᠤ ᠬᠠᠩᠭᠠᠭᠰᠠᠨ ᠮᠡᠳᠡᠭᠡ ᠵᠠᠩᠭᠢ ᠶᠢ | ᠳᠤᠷ᠎ᠠ ᠪᠠᠷ ᠢᠶᠠᠨ ᠲᠤᠪᠴᠢᠳᠠᠵᠤ ᠪᠣᠯᠬᠤ ᠥᠬᠡᠶ᠂ ᠰᠦᠯᠵᠢᠶᠡᠨ ᠤ ᠲᠠᠪᠴᠠᠩ ᠳᠡᠭᠡᠷ᠎ᠡ ᠠᠯᠢ ᠴᠢᠳᠠᠬᠤ ᠪᠠᠷ | ᠥᠪᠡᠷ ᠤᠨ ᠦᠨᠡᠨ ᠨᠡᠷ᠎ᠡ ᠪᠠᠨ ᠬᠡᠷᠡᠭᠯᠡᠬᠦ ᠦᠭᠡᠢ ᠪᠠᠶᠢᠬᠤ ᠬᠡᠷᠡᠭᠳᠡᠢ᠃ ︽︿ᠬᠠᠺᠧᠷ﹀ ᠲᠠ ᠪᠢᠳᠡᠨ ᠤ ᠬᠠᠵᠠᠭᠤ ᠳᠤ | ᠪᠠᠶᠢᠵᠤ ᠮᠡᠳᠡᠨ᠎ᠡ ᠰᠢᠦ︾ ᠬᠡᠵᠡᠢ᠃ | |