ᠤᠷᠴᠢᠮ ᠤᠨ ᠡᠳᠤᠷ ᠤᠨ ᠬᠥᠢᠳᠡᠨ ᠤᠷᠤᠰᠬᠠᠯ ᠵᠢᠴᠢ ᠡᠨᠡ ᠡᠪᠤᠯ ᠤᠨ ᠴᠠᠰᠤ ᠰᠢᠭᠤᠷᠭ᠎ᠠ ᠶᠡᠭᠡᠳᠡᠢ ᠠᠭᠤᠷ | ᠠᠮᠢᠰᠬᠤᠯ ᠤᠨ ᠨᠦᠯᠦᠭᠡᠯᠡᠯ ᠢᠶᠠᠷ ᠮᠡᠯ ᠤᠨ ᠳᠠᠵᠢᠭᠡᠯ ᠡᠪᠡᠰᠤ ᠶᠡᠭᠡ ᠵᠠᠷᠤᠴᠠᠭᠤᠯᠵᠤ ᠪᠠᠶᠢᠭ᠎ᠠ ᠪᠠᠶᠢᠳᠠᠯ ᠳᠤ | ᠬᠠᠨᠳᠤᠭᠤᠯᠤᠨ ᠬᠥᠪᠡᠭᠡᠳᠤ ᠰᠢᠷ᠎ᠠ ᠬᠤᠰᠢᠭᠤᠨ ᠤ ᠡᠪᠡᠰᠤ ᠪᠤᠷᠳᠤᠭᠠᠨ ᠤ ᠵᠠᠬ᠎ᠠ ᠳᠡᠯᠭᠡᠬᠦᠷ ᠨᠢ 1 ᠰᠠᠷ᠎ᠠ ᠶᠢᠨ 11 ᠤ | ᠡᠳᠤᠷ ᠠᠴᠠ ᠡᠬᠢᠯᠡᠵᠤ᠂ ᠡᠪᠡᠰᠤ ᠪᠤᠷᠳᠤᠭᠠᠨ ᠤ ᠵᠠᠬ᠎ᠠ ᠳᠡᠯᠭᠡᠬᠦᠷ ᠢᠶᠠᠨ ᠨᠡᠭᠡᠭᠡᠵᠤ᠂ ᠮᠠᠯᠴᠢᠳ ᠲᠤ ᠡᠪᠡᠰᠤ ᠬᠤᠳᠠᠯᠳᠤᠨ | ᠥᠭᠴᠤ᠂ ᠮᠠᠯ ᠤᠨ ᠳᠡᠵᠢᠭᠡᠯ ᠡᠪᠡᠰᠤ ᠬᠥᠷᠥᠯᠴᠡᠬᠦ ᠥᠭᠡᠢ ᠠᠰᠠᠭᠤᠳᠠᠯ ᠢ ᠰᠢᠢᠳᠪᠤᠷᠢᠯᠡᠵᠤ ᠪᠠᠶᠢᠨ᠎ᠠ᠃ | ᠬᠥᠪᠡᠭᠡᠳᠦ ᠰᠢᠷ᠎ᠠ ᠬᠤᠰᠢᠭᠤᠨ ᠤ ᠪᠤᠭᠳᠠ ᠶᠢᠨ ᠭᠤᠤᠯ ᠰᠤᠮᠤᠨ ᠤ ᠪᠤᠷᠤᠳᠠᠪᠤᠰᠤ ᠭᠠᠴᠠᠭ᠎ᠠ ᠨᠢ ᠤᠷᠵᠢᠨᠤᠨ | ᠵᠢᠯ ᠠᠴᠠ ᠡᠬᠢᠯᠡᠵᠤ ᠬᠠᠮᠳᠤ ᠶᠢᠨ ᠠᠵᠤ ᠠᠬᠤᠢ ᠶᠢ ᠬᠥᠭᠵᠢᠬᠦᠯᠬᠦ ᠪᠠ ᠮᠠᠯᠴᠢᠳ ᠤᠨ ᠢᠶᠠᠨ ᠳᠠᠷᠤᠭᠠᠰᠤ ᠶᠢ | ᠬᠥᠩᠭᠡᠷᠡᠬᠦᠯᠬᠦ ᠡᠬᠦᠳᠡᠨ ᠠᠴᠠ ᠨᠠᠮᠤᠷ ᠨᠢ ᠭᠠᠴᠠᠭᠠᠨ ᠠᠴᠠ ᠪᠠᠨ ᠪᠡᠯᠡ ᠭᠠᠷᠭᠠᠨ ᠡᠪᠡᠰᠤ ᠤᠷᠤᠭᠤᠯᠵᠤ᠂ | ᠬᠤᠰᠢᠭᠤᠨ ᠤ ᠪᠠᠨ ᠡᠪᠡᠰᠤ ᠪᠤᠷᠳᠤᠭᠠᠨ ᠤ ᠵᠠᠬ᠎ᠠ ᠳᠡᠯᠭᠡᠬᠦᠷ ᠤᠨ ᠡᠪᠡᠰᠤᠨ ᠬᠥᠮᠥᠷᠭᠡ ᠳᠤ ᠬᠠᠳᠠᠭᠠᠯᠠᠨ᠂ ᠡᠪᠤᠯ ᠨᠢ | ᠭᠠᠴᠠᠭᠠᠨ ᠤ ᠪᠠᠨ ᠮᠠᠯᠴᠢᠨ ᠡᠷᠤᠭᠡ ᠳᠤ ᠤᠷᠤᠭᠤᠯᠤᠭᠰᠠᠨ ᠥᠨ᠎ᠠ ᠪᠠᠷ ᠢᠶᠠᠨ ᠬᠤᠳᠠᠯᠳᠤᠨ ᠦᠭᠳᠡᠭ᠃ ᠨᠢᠳᠤᠨᠤᠨ | ᠨᠠᠮᠤᠷ ᠪᠤᠷᠤᠳᠠᠪᠤᠰᠤ ᠭᠠᠴᠠᠭ᠎ᠠ ᠨᠢ 500 ᠳᠤᠨ ᠡᠪᠡᠰᠤ ᠤᠷᠤᠭᠤᠯᠤᠨ ᠬᠠᠳᠠᠭᠠᠯᠠᠵᠤ᠂ ᠡᠨᠡ ᠬᠤᠶᠠᠷ ᠡᠳᠤᠷ | ᠡᠪᠡᠰᠤᠨ ᠬᠥᠮᠥᠷᠭᠡ ᠨᠡᠭᠡᠭᠡᠬᠦ ᠳᠠᠰᠢᠷᠠᠮ ᠢᠶᠠᠷ ᠭᠠᠴᠠᠭᠠᠨ ᠤ ᠪᠠᠨ ᠮᠠᠯᠴᠢᠳ ᠲᠤ ᠬᠤᠳᠠᠯᠳᠤᠨ ᠥᠭᠴᠤ ᠪᠠᠶᠢᠨ᠎ᠠ᠃ | ᠪᠤᠷᠤᠳᠠᠪᠤᠰᠤ ᠭᠠᠴᠠᠭᠠᠨ ᠤ ᠨᠠᠮ ᠤᠨ ᠡᠬᠦᠷ ᠤᠨ ᠱᠥᠵᠢ ᠭᠡᠷᠡᠯᠳᠤ᠄ ︽ᠮᠠᠨ ᠤ ᠭᠠᠴᠠᠭ᠎ᠠ ᠨᠢ ᠢᠩᠬᠢᠵᠤ | ᠡᠪᠡᠰᠤ ᠤᠷᠤᠭᠤᠯᠤᠨ ᠬᠥᠮᠥᠷᠭᠡᠯᠡᠭᠡᠳ 2 ᠵᠢᠯ ᠪᠤᠯᠵᠤ ᠪᠠᠶᠢᠨ᠎ᠠ᠂ ᠡᠨᠡ ᠡᠪᠤᠯ ᠮᠠᠯᠵᠢᠬᠤ ᠡᠷᠤᠭᠡ ᠳᠤ ᠪᠠᠨ 100 | ᠪᠤᠭᠤᠯᠳᠠ ᠡᠪᠡᠰᠤ᠂ ᠮᠠᠯᠵᠢᠯ ᠤᠨ ᠪᠤᠰᠤ ᠡᠷᠤᠭᠡ ᠳᠤ ᠪᠠᠨ 50 ᠪᠤᠭᠤᠯᠳᠠ ᠡᠪᠡᠰᠤ ᠪᠠᠷ ᠬᠢᠵᠠᠭᠠᠷᠯᠠᠵᠤ ᠬᠤᠳᠠᠯᠳᠤᠨ | ᠥᠭᠴᠤ ᠪᠠᠶᠢᠨ᠎ᠠ᠃ ᠨᠢᠳᠤᠨᠤᠨ ᠨᠠᠮᠤᠷ ᠤᠨ ᠡᠪᠡᠰᠤ ᠥᠨᠡᠳᠡᠢ ᠳᠤᠯᠠ ᠪᠢᠳᠡ ᠤᠷᠤᠵᠤ ᠢᠷᠡᠭᠰᠡᠨ ᠥᠨ᠎ᠠ ᠳᠡᠭᠡᠷ᠎ᠠ ᠪᠠᠨ | ᠮᠠᠯᠴᠢᠨ ᠭᠡᠰᠢᠬᠦᠳ ᠲᠤ ᠪᠠᠨ ᠨᠢᠭᠡ ᠳᠤᠨ ᠳᠡᠭᠡᠷ᠎ᠠ 100 ᠳᠥᠬᠦᠷᠢᠭ ᠤᠨ ᠨᠥᠬᠦᠪᠤᠷᠢ ᠥᠭᠴᠤ᠂ ᠤᠳᠤ ᠳᠤᠨ | ᠪᠥᠷᠢ ᠶᠢ 1200 ᠳᠥᠬᠦᠷᠢᠭ ᠢᠶᠠᠷ ᠥᠭᠴᠤ ᠪᠠᠶᠢᠨ᠎ᠠ︾ ᠭᠡᠵᠤ ᠳᠠᠨᠢᠯᠴᠠᠭᠤᠯᠤᠯ᠎ᠠ᠃ | ᠨᠢᠳᠤᠨᠤᠨ ᠨᠠᠮᠤᠷ ᠬᠥᠪᠡᠭᠡᠳᠤ ᠰᠢᠷ᠎ᠠ ᠬᠤᠰᠢᠭᠤᠨ ᠤ ᠡᠪᠡᠰᠤ ᠪᠤᠷᠳᠤᠭᠠᠨ ᠤ ᠵᠠᠬ᠎ᠠ ᠳᠡᠯᠭᠡᠬᠦᠷ ᠨᠢ ᠨᠠᠶᠢᠳᠠ | 5000 ᠭᠠᠷᠤᠢ ᠳᠤᠨ ᠡᠪᠡᠰᠤ ᠬᠠᠳᠠᠭᠠᠯᠠᠵᠤ᠂ ᠡᠪᠡᠰᠤᠨ ᠤ ᠵᠠᠬ᠎ᠠ ᠶᠢᠨ ᠬᠠᠩᠭᠠᠯᠭ᠎ᠠ ᠶᠢᠨ ᠨᠥᠯᠥᠭᠡ ᠠᠴᠠ ᠪᠤᠯᠵᠤ | ᠡᠪᠡᠰᠤᠨ ᠤ ᠥᠨ᠎ᠠ ᠶᠢᠨ ᠭᠡᠳᠤ ᠥᠰᠬᠦ ᠠᠴᠠ ᠪᠤᠯᠭᠤᠮᠵᠢᠯᠠᠵᠤ᠂ ᠬᠤᠰᠢᠭᠤ ᠱᠠᠳᠤᠨ ᠠᠴᠠ ᠬᠠᠮᠤᠭ ᠤᠨ ᠥᠨᠳᠤᠷ | ᠥᠨ᠎ᠠ ᠶᠢᠨ ᠪᠠᠷᠢᠮᠵᠢᠶ᠎ᠠ ᠳᠤᠭᠳᠠᠭᠠᠵᠤ᠂ ᠡᠪᠡᠰᠤᠨ ᠤ ᠥᠨ᠎ᠠ ᠶᠢᠨ ᠭᠡᠳᠤ ᠥᠰᠥᠯᠳᠡ ᠠᠴᠠ ᠪᠤᠯᠵᠤ᠂ ᠮᠠᠯᠴᠢᠳ ᠤᠨ | ᠳᠠᠷᠤᠭᠠᠰᠤ ᠬᠥᠨᠳᠤᠷᠠᠬᠦ ᠠᠴᠠ ᠰᠡᠷᠭᠡᠶᠢᠯᠡᠭᠰᠡᠨ ᠪᠠᠶᠢᠨ᠎ᠠ᠃ |