ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠲᠡᠬᠦ ᠵᠠᠯᠠᠭᠤᠴᠤᠳ ᠤᠨ ᠪᠡᠯᠡᠳᠭᠡᠯ ᠠᠩᠭᠢ ᠲᠠᠨ ᠢ ᠤᠷᠢᠶᠠᠯᠠᠵᠤ ᠪᠠᠶᠢᠨ᠎ᠠ︕
ᠨᠡᠶᠢᠲᠡᠯᠡᠭᠰᠡᠨ ᠴᠠᠭ᠄
2021/11/2
       ᠬᠢᠵᠢᠭ ᠤᠨ ᠪᠠᠶᠢᠳᠠᠯ ᠪᠤᠯ ᠵᠠᠷᠯᠢᠭ᠂ ᠰᠡᠷᠭᠡᠶᠢᠯᠡᠨ ᠡᠵᠡᠮᠲᠡᠬᠦ ᠪᠤᠯ ᠬᠠᠷᠢᠭᠤᠴᠠᠯᠭ᠎ᠠ ᠮᠥᠨ᠃  ᠤᠳᠤᠬᠠᠨ  ᠳᠤ᠂ ᠪᠦᠬᠦ ᠤᠯᠤᠰ ᠤᠨ ᠭᠡᠰᠡᠭ ᠭᠠᠵᠠᠷ ᠤᠷᠤᠨ ᠳᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠬᠦᠨᠳᠦ ᠨᠤᠴᠢᠲᠠᠢ ᠪᠥᠬᠡᠳ ᠨᠠᠷᠢᠨ ᠪᠤᠳᠤᠯᠢᠶᠠᠨᠲᠠᠢ ᠪᠠᠶᠢᠵᠤ᠂ ᠬᠢᠵᠢᠭ ᠤᠨ ᠪᠠᠶᠢᠲᠠᠯ ᠢ ᠰᠡᠷᠬᠡᠶᠢᠯᠡᠨ ᠡᠵᠡᠮᠲᠡᠬᠦ ᠠᠵᠢᠯ ᠲᠤᠶᠢᠯ ᠤᠨ ᠴᠢᠬᠤᠯᠠ ᠪᠤᠯᠵᠤ ᠪᠠᠶᠢᠨ᠎ᠠ᠃ ᠡᠪ ᠬᠠᠮᠲᠤ ᠵᠠᠯᠠᠭᠤᠴᠤᠳ ᠤᠨ ᠡᠪᠯᠡᠯ ᠤᠨ ᠬᠦᠪᠡᠭᠡᠲᠦ ᠰᠢᠷ᠎ᠠ ᠬᠤᠰᠢᠭᠤᠨ ᠤ ᠬᠤᠷᠢᠶ᠎ᠠ ᠨᠢ ᠤᠤᠯ ᠤᠨ ᠪᠠᠶᠢᠭᠤᠯᠤᠭᠰᠠᠨ ᠬᠢᠵᠢᠭ ᠢ ᠰᠡᠷᠭᠡᠶᠢᠯᠡᠨ ᠡᠵᠡᠮᠲᠡᠬᠦ ᠵᠠᠯᠠᠭᠤᠴᠤᠳ ᠤᠨ ᠪᠡᠯᠡᠳᠭᠡᠯ ᠠᠩᠭᠢ ᠶᠢᠨ ᠰᠠᠭᠤᠷᠢᠨ ᠲᠡᠭᠡᠷ᠎ᠡ᠂ ᠪᠦᠬᠦ ᠬᠤᠰᠢᠭᠤᠨ ᠤ ᠬᠡᠪᠴᠢᠶᠠᠨ ᠳᠤ ᠤᠳᠤ ᠨᠢᠬᠡ ᠪᠦᠯᠦᠭ ᠵᠠᠯᠠᠭᠤᠴᠤᠳ ᠤᠨ ᠰᠠᠶᠢᠨ ᠲᠤᠷᠠᠴᠤᠤᠯ ᠢ ᠡᠯᠰᠡᠨ᠂ ᠬᠤᠰᠢᠭᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠬᠢᠵᠢᠭ ᠢ ᠰᠡᠷᠭᠡᠶᠢᠯᠡᠨ ᠡᠵᠡᠮᠲᠡᠬᠦ ᠱᠠᠭᠠᠷᠳᠠᠯᠭ᠎ᠠ ᠶᠢ ᠨᠠᠶᠢᠲᠠᠪᠤᠷᠢᠵᠢᠭᠤᠯᠬᠤ ᠶᠢᠨ ᠲᠤᠰᠠᠲᠠ ᠵᠠᠯᠠᠭᠤᠴᠤᠳ ᠤᠨ ᠰᠠᠶᠢᠨ ᠲᠤᠷᠠᠴᠤᠤᠯ ᠤᠨ ᠡᠩᠨᠡᠬᠡᠨ ᠤ  ᠪᠠᠶᠢᠭᠤᠯᠤᠯᠳᠠ ᠶᠢ ᠰᠠᠶᠢᠲᠤᠷ ᠬᠢᠵᠤ᠂ ᠠᠷᠠᠳ ᠤᠯᠠᠨ ᠤ ᠡᠷᠡᠭᠦᠯ ᠮᠡᠨᠳᠦ ᠶᠢ ᠬᠠᠮᠠᠭᠠᠯᠠᠬᠤ ᠳᠤ ᠤᠷᠢ ᠵᠠᠯᠠᠭᠤ ᠨᠠᠰᠤᠨ ᠤ ᠬᠦᠴᠦᠨ ᠴᠢᠳᠠᠯ   ᠢᠶᠠᠨ ᠡᠷᠬᠦᠬᠦ ᠶᠢ ᠤᠷᠢᠶᠠᠯᠠᠵᠤ ᠪᠠᠶᠢᠨ᠎ᠠ᠃        ᠨᠢᠭᠡ᠂  ᠬᠢᠵᠢᠭ ᠢ  ᠰᠡᠷᠭᠡᠶᠢᠯᠡᠨ  ᠡᠵᠡᠮᠲᠡᠬᠦ ᠰᠠᠶᠢᠨ ᠲᠤᠷᠠᠴᠤᠤᠯ   ᠢ ᠡᠯᠰᠡᠬᠦ  ᠨᠠᠷᠢᠨ ᠪᠠᠶᠢᠳᠠᠯ᠄        ◆ᠤᠯᠤᠰ ᠲᠦᠷᠦ ᠶᠢᠨ ᠭᠡᠪ ᠴᠢᠨᠠᠷ ᠢᠶᠠᠷ ᠰᠠᠶᠢᠨ᠂ ᠪᠦᠬᠦ ᠲᠠᠯ᠎ᠠ ᠶᠢᠨ ᠤᠶᠢᠯᠠᠭᠠᠭᠲᠠᠬᠤᠨ ᠢ ᠴᠢᠩᠭ᠎ᠠ ᠪᠠᠷᠢᠮᠲᠠᠯᠠᠨ᠂ ᠵᠤᠬᠢᠶᠠᠨ ᠪᠠᠶᠢᠭᠤᠯᠤᠯᠳᠠ ᠶᠢᠨ ᠲᠤᠬᠢᠷᠠᠭᠤᠯᠤᠯᠳᠠ ᠶᠢ ᠲᠠᠭᠠᠵᠤ᠂ ᠰᠠᠶᠢᠨ ᠲᠤᠷ᠎ᠠ ᠶᠢᠨ ᠦᠢᠯᠡᠴᠢᠯᠡᠬᠡᠨ  ᠤ ᠴᠠᠭ ᠢ ᠪᠠᠲᠤᠯᠠᠬᠤ ᠬᠡᠷᠡᠭᠲᠠᠢ  ︔        ◆ᠨᠡᠶᠢᠬᠡᠮ ᠵᠢᠷᠤᠮ ᠤᠨ ᠭᠤᠤᠯᠯᠠᠭᠴᠢ ᠦᠷᠳᠡᠭ ᠤᠨ ᠦᠵᠡᠯᠳᠡ ᠶᠢ ᠲᠡᠷᠢᠭᠦᠯᠡᠨ ᠥᠢᠯᠡᠲᠤᠯᠬᠡᠵᠢᠭᠦᠯᠵᠤ᠂ ᠢᠳᠡᠪᠬᠢᠲᠠᠢ ᠪᠠᠷ ᠤᠷᠤᠭᠰᠢᠯᠠᠨ᠂ ᠬᠠᠷᠠᠮ ᠦᠭᠡᠢ ᠵᠤᠷᠢᠭᠤᠯᠤᠨ᠂ ᠲᠡᠰᠪᠤᠷᠢ ᠬᠠᠲᠠᠭᠤᠵᠢᠯᠲᠠᠢ ᠠᠵᠢᠯᠯᠠᠬᠤ ᠬᠡᠷᠡᠭᠲᠠᠢ  ︔        ◆ ᠬᠥᠢᠰᠤ ᠢᠯᠭᠠᠯ ᠤᠨ ᠬᠢᠵᠠᠭᠠᠷᠯᠠᠯ ᠪᠠᠶᠢᠬᠤ ᠦᠭᠡᠢ᠂18 ᠪᠥᠬᠦᠯᠢ ᠨᠠᠰᠤᠨ ᠠᠴᠠ 45 ᠨᠠᠰᠤ ᠬᠥᠷᠲᠡᠯᠡᠬᠢ ᠢᠷᠭᠡᠨ ᠤ ᠬᠡᠷᠡᠭ ᠤᠨ ᠪᠦᠷᠢᠨ ᠠᠵᠢᠯᠯᠠᠭᠠᠨ ᠤ ᠴᠢᠳᠠᠪᠤᠷᠢ ᠲᠠᠢ ᠬᠥᠮᠥᠰ ᠪᠠᠶᠢᠬᠤ ᠬᠡᠷᠡᠭᠲᠠᠢ︔        ◆ ᠬᠤᠪᠢ ᠬᠦᠮᠦᠨ ᠵᠢᠴᠢ ᠬᠡᠷ ᠪᠦᠯᠢ ᠶᠢᠨ ᠪᠦᠷᠢᠯᠳᠦᠬᠦᠨ ᠤ ᠪᠡᠶ᠎ᠡ ᠮᠠᠬᠠᠪᠤᠳ ᠡᠷᠡᠭᠦᠯ ᠴᠢᠬᠢᠷᠠᠭ ᠪᠠᠶᠢᠵᠤ᠂ ᠤᠶᠢᠷ᠎ᠠ ᠶᠢᠨ ᠬᠤᠭᠤᠴᠠᠭᠠᠨ ᠳᠤ ᠲᠤᠮᠳᠠ ᠦᠨᠳᠦᠷ ᠵᠡᠷᠬᠡ ᠶᠢᠨ ᠲᠦᠭᠰᠢᠭᠦᠷᠢᠲᠠᠢ ᠭᠠᠵᠠᠷ ᠤᠷᠤᠨ ᠳᠤ ᠠᠶᠠᠯᠠᠨ ᠵᠢᠭᠤᠯᠴᠢᠯᠠᠭᠰᠠᠨ ᠥᠩᠬᠡᠷᠡᠯᠲᠠ ᠥᠬᠡᠢ᠂ ᠤᠨᠤᠰᠢᠯᠠᠭ᠎ᠠ ᠦᠭᠡᠢ ᠪᠤᠶᠤ ᠰᠡᠵᠢᠭᠯᠡᠯᠲᠠᠢ ᠡᠪᠡᠳᠴᠢᠲᠡᠨ ᠤ ᠵᠢᠱᠢᠶ᠎ᠡ ᠲᠠᠢ ᠤᠶᠢᠷᠠᠳᠤᠭᠰᠠᠨ ᠥᠩᠬᠡᠷᠡᠯᠲᠠ ᠦᠭᠡᠢ᠂ ᠬᠢᠵᠢᠭ ᠤᠨ ᠲᠥᠭᠰᠢᠭᠦᠷᠢᠲᠠᠢ ᠬᠥᠮᠥᠰ ᠲᠠᠢ ᠤᠶᠢᠷᠠᠲᠤᠭᠰᠠᠨ ᠥᠩᠭᠡᠷᠡᠯᠲᠠ ᠥᠬᠡᠢ ᠵᠢᠴᠢ ᠪᠤᠰᠤᠳ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠲᠡᠬᠦ ᠱᠠᠭᠠᠷᠳᠠᠯᠭ᠎ᠠ ᠳᠤ ᠨᠡᠶᠢᠴᠡᠭᠦ ᠦᠭᠡᠢ ᠲᠠᠯᠳᠠ ᠲᠦᠭᠰᠢᠬᠦᠷᠢ ᠶᠢᠨ ᠬᠥᠴᠥᠨ ᠵᠥᠢᠯ ᠤᠷᠤᠰᠢᠬᠤ ᠦᠭᠡᠢ ᠪᠠᠶᠢᠬᠤ  ᠬᠡᠷᠡᠭᠲᠠᠢ᠃        ᠠᠵᠢᠯ ᠤᠨ ᠱᠠᠭᠠᠷᠳᠠᠯᠭ᠎ᠠ᠄        ᠬᠤᠰᠢᠭᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠲᠡᠬᠦ ᠵᠢᠯᠤᠭᠤᠳᠬᠤ ᠭᠠᠵᠠᠷ ᠤᠨ ᠨᠢᠭᠡᠳᠦᠯᠲᠠᠢ ᠲᠤᠬᠢᠷᠠᠭᠤᠯᠤᠯᠲᠠ ᠪᠠ  ᠠᠵᠢᠯ ᠤᠨ ᠱᠠᠭᠠᠷᠳᠠᠯᠭ᠎ᠠ  ᠶᠤᠰᠤᠭᠠᠷ᠂ ᠬᠤᠪᠢ ᠬᠥᠮᠥᠨ ᠨᠢ ᠬᠠᠮᠲᠤ ᠤᠯᠠᠨ ᠢᠶᠠᠨ ᠳᠠᠭᠠᠵᠤ ᠂ ᠬᠢᠵᠢᠭ ᠢ ᠰᠡᠷᠭᠡᠶᠢᠯᠡᠨ ᠡᠵᠡᠮᠲᠡᠭᠦ ᠪᠤᠲᠠᠳᠤ ᠪᠠᠶᠢᠳᠠᠯ ᠢ ᠦᠨᠳᠦᠰᠦᠯᠡᠨ ᠪᠤᠲᠠᠲᠠᠢ ᠠᠵᠢᠯ ᠡᠭᠦᠷᠭᠡ ᠪᠠᠶᠢᠷᠢᠯᠠᠭᠤᠯᠤᠨ᠎ᠠ᠃        ᠬᠤᠪᠢ ᠬᠥᠮᠥᠨ ᠤ ᠢᠷᠠᠭᠤ ᠠᠯᠳᠠᠷ᠄        ᠰᠠᠶᠢᠨ ᠲᠤᠷ᠎ᠠ ᠶᠢᠨ ᠦᠢᠯᠡᠴᠢᠯᠡᠭᠡ ᠲᠠᠭᠤᠰᠤᠭᠰᠠᠨ ᠤ ᠲᠠᠷᠠᠭ᠎ᠠ᠂ ᠡᠪ ᠬᠠᠮᠲᠤ ᠵᠠᠯᠠᠭᠤᠴᠤᠳ ᠤᠨ ᠡᠪᠯᠡᠯ  ᠤᠨ ᠬᠦᠪᠡᠭᠡᠲᠦ  ᠰᠢᠷ᠎ᠠ ᠬᠤᠰᠢᠭᠤᠨ ᠤ ᠬᠤᠷᠢᠶ᠎ᠠ ᠨᠢ ᠰᠠᠶᠢᠨ ᠲᠤᠷ᠎ᠠ ᠶᠢᠨ ᠥᠢᠯᠡᠴᠢᠯᠡᠬᠡᠨ ᠳᠤ ᠤᠷᠤᠯᠴᠠᠭᠰᠠᠨ ᠦᠨᠡᠮᠯᠡᠯ ᠢ ᠨᠢᠭᠡᠳᠦᠯᠲᠠᠢ ᠤᠯᠭᠤᠵᠤ᠂ ᠤᠯᠤᠰ᠂ ᠦᠪᠡᠷᠳᠡᠭᠡᠨ ᠵᠠᠰᠠᠬᠤ ᠤᠷᠤᠨ᠂ ᠠᠶᠢᠮᠠᠭ ᠤᠨ ᠲᠡᠰ ᠤᠨ ᠰᠢᠯᠢᠳᠡᠭ ᠰᠠᠶᠢᠨ ᠲᠤᠷᠠᠴᠤᠤᠯ ᠢ ᠰᠢᠯᠭᠠᠷᠠᠭᠤᠯᠬᠤ ᠳᠤ ᠤᠷᠢᠳᠠᠪᠠᠷ ᠲᠠᠨᠢᠯᠴᠠᠭᠤᠯᠤᠨ ᠮᠡᠲᠡᠭᠦᠯᠬᠦ ᠪᠤᠯᠤᠨ᠎ᠠ᠃        ᠬᠤᠶᠠᠷ᠂  ᠨᠡᠷ᠎ᠡ ᠮᠡᠳᠡᠭᠦᠯᠬᠦ ᠠᠷᠭ᠎ᠠ᠄        ᠨᠡᠷ᠎ᠡ ᠮᠡᠳᠡᠭᠦᠯᠬᠦ ᠰᠠᠨᠠᠭ᠎ᠠ ᠲᠠᠢ ᠬᠦᠮᠦᠰ ᠮᠡᠷᠭᠡᠨ ᠴᠤᠬᠤᠷ ᠢ ᠰᠢᠷᠪᠢᠵᠦ᠂ ᠨᠡᠷ᠎ᠡ ᠮᠡᠲᠡᠭᠦᠯᠥᠭᠰᠡᠨ ᠤ ᠲᠠᠷᠠᠭ᠎ᠠ᠂ ᠭᠠᠷ ᠤᠳᠠᠰᠤ ᠪᠠᠨ  ᠰᠠᠭᠠᠳ ᠦᠭᠡᠢ ᠨᠡᠪᠲᠡᠷᠡᠬᠦ ᠶᠢ ᠪᠠᠲᠤᠯᠠᠨ᠂ ᠠᠵᠢᠯ ᠤᠨ ᠡᠭᠦᠷᠭᠡ ᠲᠠᠢ ᠦᠶᠡᠰ᠂ ᠡᠪᠯᠡᠯ ᠤᠨ ᠬᠤᠷᠢᠶᠠᠨ ᠤ ᠠᠵᠢᠯᠳᠠᠨ ᠠᠴᠠ ᠲᠠᠨ ᠲᠠᠢ ᠬᠠᠷᠢᠯᠴᠠᠵᠤ ᠵᠤᠬᠢᠴᠠᠭᠤᠯᠬᠤ ᠪᠤᠯᠤᠨ᠎ᠠ᠃        ᠭᠤᠷᠪᠠ  ᠂ ᠬᠠᠷᠢᠯᠴᠠᠬᠤ  ᠠᠷᠭ᠎ᠠ᠄        ᠬᠠᠷᠢᠯᠴᠠᠬᠤ ᠤᠳᠠᠰᠤ᠄  ᠡᠪᠯᠡᠯ ᠤᠨ ᠬᠤᠷᠢᠶ᠎ᠠ    0479—6222861        ᠬᠠᠷᠢᠯᠴᠠᠬᠤ ᠬᠦᠮᠦᠨ᠄  ᠭᠥᠸᠧ ᠵᠢᠶᠠᠨ ᠴᠢᠶᠣᠣ   18847606651        ᠬᠠᠷᠢᠯᠴᠠᠬᠤ ᠭᠠᠵᠠᠷ᠄  ᠬᠦᠪᠡᠭᠡᠲᠦ ᠰᠢᠷ᠎ᠠ ᠬᠤᠰᠢᠭᠤᠨ ᠤ ᠨᠠᠮ ᠵᠠᠰᠠᠭ ᠤᠨ ᠠᠯᠪᠠᠯᠠᠬᠤ ᠠᠰᠠᠷ ᠤᠨ 605 ᠠᠯᠪᠠᠨ ᠭᠡᠷ        
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号