ᠬᠠᠮᠲᠦ ᠤᠯᠠᠨ ᠳᠤ ᠪᠠᠨ ᠳᠠᠭᠤᠷᠢᠶᠠᠯ ᠪᠤᠯᠤᠭᠰᠠᠨ ︽ᠬᠠᠮᠤᠭ ᠭᠤᠶᠤ ᠭᠡᠷ ᠪᠦᠯᠢ︾
ᠨᠡᠶᠢᠲᠡᠯᠡᠭᠰᠡᠨ ᠴᠠᠭ᠄
2021/12/18
    ᠢᠯᠠᠨ᠎ᠠ ᠪᠤᠯ ᠪᠤᠭᠳᠠ ᠶᠢᠨ ᠭᠤᠤᠯ ᠰᠤᠮᠤᠨ ᠤ ᠠᠷᠠᠳ ᠤᠨ ᠶᠠᠪᠤᠳᠠᠯ ᠤᠨ ᠳᠤᠰᠠᠯᠠᠭᠴᠢ᠂ ᠡᠮᠡᠭᠳᠠᠶᠢᠴᠦᠳ ᠤᠨ ᠬᠤᠯᠪᠤᠭᠠᠳᠤ ᠬᠤᠷᠠᠯ ᠤᠨ ᠳᠡᠳ᠋ ᠳᠡᠷᠢᠬᠦᠯᠡᠭᠴᠢ ᠶᠢᠨ ᠠᠵᠢᠯ ᠠᠯᠪᠠ ᠲᠠᠢ ᠶᠠᠪᠤᠭ᠎ᠠ ᠦᠨᠳᠦᠰᠦᠨ ᠱᠠᠳᠤᠨ ᠤ ᠠᠵᠢᠯᠳᠠᠨ ᠪᠤᠯᠬᠤ ᠶᠤᠮ᠃ ᠦᠪᠡᠷ ᠤᠨ ᠬᠡᠰᠡᠨ ᠠᠵᠢᠯ ᠤᠨ ᠪᠠᠶᠢᠷᠢᠨ ᠳᠤ ᠪᠠᠨ ᠦᠨᠡᠨᠴᠢ ᠰᠡᠳᠬᠢᠯ᠂ ᠬᠠᠷᠢᠭᠤᠴᠠᠯᠭᠠᠳᠤ ᠤᠪᠤᠷ ᠢᠶᠠᠷ ᠬᠠᠨᠳᠤᠬᠤ ᠪᠤᠯ ᠳᠡᠬᠦᠨ ᠤ ᠠᠵᠢᠯ ᠦᠢᠯᠡᠰ ᠢᠶᠠᠨ ᠬᠡᠰᠡᠨ ᠪᠠᠷᠢᠮᠳᠠᠯᠠᠯ ᠪᠤᠯᠤᠨ᠎ᠠ᠃ ᠮᠤᠩᠭᠤᠯ ᠪᠦᠰᠡᠬᠦᠢ ᠶᠢᠨ ᠠᠵᠢᠯᠴᠢ ᠬᠦᠳᠡᠯᠮᠤᠷᠢᠴᠢ ᠵᠠᠩ ᠢᠶᠠᠷ ᠠᠳᠠᠯ ᠠᠮᠢᠳᠤᠷᠠᠯ ᠢᠶᠠᠨ ᠪᠤᠰᠬᠠᠵᠦ᠂ ᠬᠦᠬᠡᠷᠦᠬᠦᠨ ᠬᠤᠶᠠᠷ ᠦᠷ᠎ᠡ ᠪᠠᠨ ᠪᠠᠶᠠᠷ ᠵᠢᠷᠭᠠᠯ ᠲᠠᠢ᠂ ᠡᠷᠡᠬᠦᠯ ᠡᠩᠬᠡ ᠦᠰᠬᠡᠨ ᠬᠦᠮᠦᠵᠢᠬᠦᠯᠵᠦ᠂ ᠠᠵᠢᠯ ᠦᠢᠯᠡᠰ ᠲᠤ ᠪᠠᠨ ᠴᠤ ᠬᠢᠯᠠᠯᠵᠠᠮ᠎ᠠ ᠰᠠᠶᠢᠬᠠᠨ ᠠᠮᠵᠢᠯᠳᠠ ᠲᠠᠢ ᠶᠠᠪᠤᠭ᠎ᠠ ᠳᠡᠷᠡ ᠪᠤᠯ ᠦᠶ᠎ᠡ ᠶᠢᠨ ᠤᠯᠠᠨ ᠵᠠᠯᠠᠭᠤᠴᠤᠳ ᠲᠤ ᠪᠠᠨ ᠬᠡᠪ ᠳᠠᠭᠤᠷᠢᠶᠠᠯ ᠪᠤᠯᠤᠮᠠᠷ ᠰᠤᠳᠤᠨ  ᠡᠮᠡᠭᠲᠠᠢ ᠪᠤᠯᠬᠤ ᠶᠤᠮ᠃      ᠠᠷᠠᠳ ᠤᠨ ᠶᠠᠪᠤᠳᠠᠯ ᠤᠨ ᠳᠤᠰᠠᠯᠠᠭᠴᠢ ᠶᠢᠨ ᠠᠵᠢᠯ ᠪᠤᠯ ᠡᠬᠦᠷᠬᠡ ᠬᠦᠨᠳᠤ᠂ ᠨᠠᠷᠢᠨ ᠠᠵᠢᠯ ᠶᠡᠬᠡᠳᠠᠢ᠂ ᠪᠠᠶᠢᠩᠭᠤ  ᠶᠢᠨ ᠴᠢᠨᠠᠷᠳᠠᠢ ᠬᠦᠳᠡᠭᠡ ᠪᠠᠭᠤᠵᠦ ᠮᠠᠯᠴᠢᠳ ᠤᠨ ᠦᠢᠯᠡᠳᠪᠤᠷᠢᠯᠡᠯ ᠠᠮᠢᠳᠤᠷᠠᠯ ᠲᠠᠢ ᠬᠤᠯᠪᠤᠭᠳᠠᠭᠰᠠᠨ ᠤᠯᠠᠨ ᠳᠠᠯ᠎ᠠ ᠶᠢᠨ ᠠᠵᠢᠯ ᠢ ᠭᠠᠷᠳᠠᠨ ᠬᠦᠢᠴᠡᠳᠬᠡᠳᠡᠭ ᠪᠤᠯᠬᠤᠷ ᠡᠳᠦᠷ ᠬᠤᠨᠤᠭ ᠳᠡᠬᠦᠨ ᠳᠤ ᠶᠠᠭᠠᠷᠠᠯᠳᠠᠢ ᠯᠡ ᠪᠠᠶᠢᠳᠠᠭ ᠬᠡᠰᠡᠨ ᠴᠤ ᠬᠢᠭᠰᠡᠨ ᠠᠵᠢᠯ ᠳᠤ ᠪᠠᠨ ᠵᠢᠩᠬᠢᠨᠢ ᠡᠵᠡᠨ ᠨᠢ ᠪᠤᠯᠵᠦ ᠶᠠᠪᠤᠳᠠᠭ ᠳᠡᠷᠡ ᠡᠳᠡᠬᠡᠷ ᠵᠢᠯ ᠤᠨ ᠳᠤᠷᠰᠢ ᠠᠵᠢᠯ ᠳᠤ ᠪᠠᠨ ᠠᠮᠵᠢᠯᠳᠠ ᠪᠦᠳᠦᠮᠵᠢ ᠲᠠᠢ ᠬᠢᠯᠠᠷᠠᠵᠤ᠂ ᠬᠠᠮᠳᠤ ᠠᠵᠢᠯᠯᠠᠭᠴᠢ᠂ ᠳᠠᠷᠤᠭ᠎ᠠ ᠤᠳᠤᠷᠢᠳᠤᠯᠭ᠎ᠠ ᠨᠠᠷ ᠤᠨ ᠢᠶᠠᠨ ᠮᠠᠭᠳᠠᠭᠠᠯ ᠰᠠᠶᠢᠰᠢᠶᠠᠯ᠂ ᠰᠠᠶᠢᠨ ᠦᠨᠡᠯᠡᠭᠡ ᠶᠢ ᠤᠯᠤᠭᠰᠠᠭᠠᠷ ᠢᠷᠡᠭᠰᠡᠨ ᠶᠤᠮ᠃ 2020 ᠤᠨ ᠳᠤ ᠬᠢᠵᠢᠭ ᠳᠡᠯᠭᠡᠷᠡᠵᠤ ᠡᠬᠢᠯᠡᠭᠰᠡᠨ ᠦᠶ᠎ᠡ ᠳᠤ ᠳᠡᠷᠡ ᠰᠠᠶᠢᠨ ᠳᠤᠷ᠎ᠠ ᠠᠴᠠ ᠪᠠᠨ ᠪᠤᠭᠳᠠ ᠶᠢᠨ ᠭᠤᠤᠯ ᠰᠤᠮᠤᠨ ᠤ ᠬᠦᠳᠦᠯ ᠤᠰᠤ ᠭᠠᠴᠠᠭᠠᠨ ᠳᠤ ᠵᠢᠵᠢᠬᠦᠷᠯᠡᠵᠦ ᠪᠠᠶᠢᠬᠤ ᠬᠦᠮᠦᠰ ᠲᠤ ᠬᠤᠭᠤᠯᠠ ᠤᠮᠳᠠ ᠬᠦᠷᠬᠡᠨ ᠦᠭᠴᠦ ᠪᠠᠶᠢᠭᠰᠠᠨ ᠪᠠ ᠪᠠᠰᠠ ᠮᠦᠩᠬᠦ ᠬᠠᠨᠳᠢᠪᠯᠠᠵᠦ ᠨᠢᠬᠡ ᠨᠢ ᠬᠦᠴᠢᠷᠳᠡᠪᠡᠯ ᠨᠡᠶᠢᠳᠡ ᠪᠠᠷ ᠢᠶᠠᠨ ᠳᠤᠰᠠᠯᠠᠬᠤ ᠦᠨᠳᠦᠰᠦᠨ ᠱᠠᠳᠤᠨ ᠤ ᠺᠠᠳᠠᠷ ᠤᠨ ᠳᠠᠭᠠᠭᠤᠯᠤᠭᠴᠢ ᠶᠢᠨ ᠦᠢᠯᠡᠳᠦᠯ ᠢᠶᠠᠨ ᠪᠠᠳᠠᠷᠠᠭᠤᠯᠵᠦ ᠪᠠᠶᠢᠭᠰᠠᠨ ᠶᠤᠮ᠃ ᠢᠯᠠᠨ᠎ᠠ ᠶᠠᠳᠠᠭᠤ ᠬᠦᠴᠢᠷᠳᠡᠯᠳᠠᠢ ᠮᠠᠯᠴᠢᠨ ᠡᠷᠦᠬᠡ ᠶᠢᠨ ᠢᠶᠠᠨ ᠠᠮᠢᠳᠤᠷᠠᠯ ᠦᠢᠯᠡᠳᠪᠤᠷᠢᠯᠡᠯ ᠤᠨ ᠪᠠᠶᠢᠳᠠᠯ ᠢ ᠨᠢ ᠬᠠᠯᠠᠮᠵᠢᠯᠠᠨ ᠤᠶᠢᠯᠠᠭᠠᠵᠦ᠂ ᠳᠡᠳᠡᠨ ᠳᠤ ᠦᠵᠡᠯ ᠰᠠᠨᠠᠭᠠᠨ ᠤ ᠬᠦᠮᠦᠵᠢᠯ ᠬᠢᠬᠦ᠂ ᠨᠠᠮ ᠳᠦᠷᠦ ᠶᠢᠨ ᠪᠤᠳᠤᠯᠭ᠎ᠠ ᠶᠢ ᠤᠶᠢᠯᠠᠭᠠᠭᠤᠯᠵᠦ ᠠᠮᠢᠳᠤᠷᠠᠯ ᠢᠶᠠᠨ ᠰᠠᠶᠢᠵᠢᠷᠠᠭᠤᠯᠬᠤ ᠠᠷᠭ᠎ᠠ ᠵᠠᠮ ᠢ ᠨᠢ ᠵᠢᠭᠠᠵᠦ ᠦᠭᠬᠦ ᠠᠴᠠ ᠭᠠᠳᠠᠨ᠎ᠠ ᠪᠠᠰᠠ ᠰᠠᠶᠢᠨ ᠳᠤᠷ᠎ᠠ ᠠᠴᠠ ᠪᠠᠨ ᠠᠮᠢᠳᠤᠷᠠᠯ ᠨᠢ ᠬᠦᠴᠢᠷᠳᠠᠢ᠂ ᠡᠪᠡᠳᠴᠢᠨ ᠬᠠᠭᠤᠴᠢᠨ ᠲᠠᠢ ᠮᠠᠯᠴᠢᠳ ᠢ ᠡᠳ᠋ ᠪᠤᠳᠠᠰ ᠪᠠ ᠮᠦᠩᠬᠦ ᠪᠠᠷ ᠳᠤᠰᠠᠯᠠᠵᠦ ᠳᠡᠮᠵᠢᠳᠡᠭ ᠠᠴᠠ ᠮᠠᠯᠴᠢᠨ ᠠᠷᠠᠳ ᠤᠨ ᠢᠶᠠᠨ ᠬᠠᠯᠠᠭᠤᠨ ᠬᠦᠷᠢᠶᠡᠯᠡᠯ ᠢ ᠤᠯᠤᠭᠰᠠᠭᠠᠷ ᠢᠷᠡᠭᠰᠡᠨ ᠰᠠᠶᠢᠨ ᠺᠠᠳ᠋ᠷ ᠤᠨ ᠨᠢᠬᠡᠨ ᠪᠤᠯᠤᠭᠰᠠᠨ ᠪᠠᠶᠢᠨ᠎ᠠ᠃ ︽ᠳᠤᠬᠠᠶᠢᠯᠠᠭᠰᠠᠨ ᠠᠵᠢᠯ ᠳᠤ ᠪᠠᠨ ᠨᠢᠬᠡ ᠯᠡ ᠰᠡᠳᠬᠢᠯ ᠢ ᠪᠠᠷᠢᠵᠦ᠂ ᠦᠨᠳᠦᠰᠦᠨ ᠱᠠᠳᠤᠨ ᠳᠤ ᠦᠢᠯᠡᠴᠢᠯᠡᠵᠦ᠂ ᠮᠠᠯᠴᠢᠨ ᠳᠦᠮᠡᠨ ᠤ ᠪᠠᠨ ᠬᠦᠴᠢᠷ ᠳᠦᠪᠡᠭ ᠲᠠᠢ ᠠᠰᠠᠭᠤᠳᠠᠯ ᠢ ᠤᠶᠢᠯᠠᠭᠠᠵᠦ ᠪᠤᠳᠠᠳᠠᠢ ᠪᠠᠷ ᠰᠢᠢᠳᠪᠦᠷᠢᠯᠡᠬᠦ ᠪᠤᠯ ᠮᠢᠨᠤ ᠠᠵᠢᠯ ᠡᠬᠦᠷᠬᠡ ᠪᠤᠯᠤᠨ᠎ᠠ︔ ᠮᠦᠨ ᠴᠤ ᠡᠩᠬᠦᠷᠡᠢ ᠦᠷ᠎ᠡ ᠳᠤ ᠪᠠᠨ ᠦᠵᠡᠬᠦᠯᠬᠦ ᠳᠠᠭᠤᠷᠢᠶᠠᠯ ᠪᠤᠯᠤᠨ᠎ᠠ︾ ᠬᠡᠵᠦ ᠢᠯᠠᠨ᠎ᠠ ᠶᠠᠷᠢᠯ᠎ᠠ᠃       ᠵᠠᠶᠠᠭ᠎ᠠ ᠪᠠᠨ ᠬᠤᠯᠪᠤᠵᠦ᠂ ᠠᠵᠠ ᠵᠢᠷᠭᠠᠯᠳᠤ ᠠᠮᠢᠳᠤᠷᠠᠯ ᠢᠶᠠᠨ ᠬᠠᠮᠳᠤᠪᠠᠷ ᠴᠤᠭᠴᠠᠯᠠᠵᠦ ᠶᠠᠪᠤᠭ᠎ᠠ ᠳᠡᠬᠦᠨ ᠤ ᠨᠦᠬᠦᠷ ᠪᠢᠯᠢᠭᠪᠡᠭᠠᠲᠤᠷ ᠨᠢ ᠪᠦᠰᠡᠬᠦᠢ ᠶᠢᠨ ᠢᠶᠠᠨ ᠶᠠᠭᠠᠷᠡᠦ ᠠᠵᠢᠯ ᠢ ᠳᠡᠮᠵᠢᠵᠦ᠂ ᠠᠷᠤ ᠬᠡᠷ ᠢᠶᠠᠨ ᠠᠪᠴᠦ ᠶᠠᠪᠤᠬᠤ ᠳᠤ ᠨᠢᠬᠡᠨ ᠮᠦᠷᠦ ᠶᠢᠨ ᠬᠦᠴᠦᠨ ᠪᠤᠯᠬᠤ ᠶᠢᠨ ᠬᠠᠮᠳᠤ ᠦᠪᠡᠷ ᠤᠨ ᠬᠡᠬᠦ ᠲᠤᠷ᠎ᠠ ᠪᠠᠬ᠎ᠠ ᠲᠠᠢ ᠠᠵᠢᠯ ᠳᠦᠷᠦᠯ ᠢᠶᠠᠨ ᠡᠷᠬᠢᠯᠡᠭᠰᠡᠬᠡᠷ ᠢᠷᠡᠵᠦ᠂ ᠠᠵᠤ ᠠᠬᠤᠢ ᠶᠢᠨ ᠤᠷᠤᠯᠭ᠎ᠠ ᠪᠠᠷ ᠴᠤ ᠨᠡᠯᠢᠶᠡᠳ ᠰᠠᠶᠢᠨ ᠪᠠᠶᠢᠵᠦ ᠤᠷᠤᠯᠳᠤᠯᠭ᠎ᠠ ᠴᠢᠷᠮᠠᠶᠢᠯᠭ᠎ᠠ᠂ ᠦᠢᠯᠡᠰ ᠬᠦᠬᠡᠬᠡᠴᠡᠯᠳᠦᠯ ᠢᠶᠠᠷ ᠢᠶᠠᠨ ᠦᠶ᠎ᠡ ᠶᠢᠨ ᠵᠠᠯᠠᠭᠤᠴᠤᠳ ᠲᠤ ᠪᠠᠨ ᠬᠡᠪ ᠳᠠᠭᠤᠷᠢᠶᠠᠯ ᠪᠤᠯᠵᠦ ᠪᠤᠢ᠃ ᠪᠢᠯᠢᠭᠪᠡᠭᠠᠳᠤᠷ ᠰᠤᠷ ᠬᠠᠷᠪᠤᠯᠳᠠ ᠳᠤ ᠳᠤᠷ᠎ᠠ ᠪᠠᠬ᠎ᠠ ᠲᠠᠢ ᠪᠠᠶᠢᠵᠦ᠂ 2019 ᠤᠨ ᠳᠤ ︽ᠢᠵᠠᠭᠤᠷ ᠰᠤᠷ ᠬᠠᠷᠪᠤᠯᠳᠠ ᠶᠢᠨ ᠺᠯᠤᠪ︾ ᠠᠵᠢᠯᠯᠠᠬᠤ ᠦᠷᠦᠬᠡ ᠪᠠᠨ ᠨᠡᠬᠡᠬᠡᠵᠦ᠂ ᠦᠪᠡᠷ ᠢᠶᠠᠨ ᠨᠤᠮᠤ ᠰᠤᠮᠤ᠂ ᠰᠠᠷᠠᠨ ᠫᠠᠢ ᠤᠷᠠᠯᠠᠨ ᠬᠢᠵᠦ᠂ ᠪᠠᠶᠠᠨᠨᠠᠭᠤᠷ᠂ ᠶᠦᠨᠨᠠᠨ᠂ ᠤᠷᠳᠤᠰ᠂ ᠬᠦᠯᠦᠨ ᠪᠤᠶᠢᠷ᠂ ᠱᠠᠨᠳᠦ᠋ᠩ ᠵᠡᠷᠬᠡ ᠤᠯᠠᠨ ᠭᠠᠵᠠᠷ ᠢᠶᠠᠷ ᠪᠤᠷᠤᠯᠠᠭᠤᠯᠵᠦ᠂ ᠬᠢᠭᠰᠡᠨ ᠪᠦᠳᠦᠬᠡᠯ ᠢ ᠨᠢ ᠵᠤᠭᠠᠴᠠᠯ  ᠤᠨ ᠭᠠᠵᠠᠷ ᠡᠷᠬᠢᠯᠡᠵᠦ ᠪᠠᠶᠢᠬᠤ ᠬᠦᠮᠦᠰ ᠰᠦᠯᠵᠢᠶ᠎ᠡ ᠪᠠᠷ ᠬᠤᠳᠠᠯᠳᠤᠨ ᠠᠪᠴᠦ ᠵᠢᠯ ᠤᠨ ᠠᠷᠪᠠᠭᠠᠳ ᠳᠦᠮᠡᠨ ᠳᠦᠬᠦᠶᠢᠷᠭ  ᠤᠨ ᠤᠷᠤᠯᠭ᠎ᠠ ᠡᠬᠦᠳᠦᠳᠡᠭ ᠪᠠᠶᠢᠨ᠎ᠠ᠃ ᠢᠯᠠᠩᠭᠤᠶ᠎ᠠ ᠵᠤᠨ ᠨᠠᠮᠤᠷ ᠤᠨ ᠨᠠᠶᠢᠷ ᠨᠠᠭᠠᠳᠤᠮ ᠤᠨ ᠴᠠᠭ ᠢᠶᠠᠷ ᠳᠡᠬᠦᠨ ᠤ ᠠᠵᠢᠯ ᠶᠠᠭᠠᠷᠠᠯᠳᠠᠢ ᠪᠠᠶᠢᠵᠦ᠂ ᠵᠠᠬᠢᠶᠠᠯᠠᠭ᠎ᠠ ᠴᠤ ᠤᠯᠠᠨ ᠲᠤᠰᠴᠦ᠂ ᠳᠠᠨᠢᠯ ᠬᠦᠮᠦᠰ᠂ ᠨᠠᠶᠢᠵᠠ ᠨᠦᠬᠦᠳ ᠨᠢ ᠳᠡᠬᠦᠨ ᠳᠤ ᠳᠤᠰᠠᠯᠠᠵᠦ ᠨᠤᠮᠤ ᠰᠤᠮᠤᠨ ᠤ ᠰᠠᠭᠠᠳᠠᠭ᠂ ᠡᠷᠡᠬᠡᠶᠢᠪᠴᠢ᠂ ᠫᠠᠢ᠂ ᠠᠭᠰᠠᠷᠭ᠎ᠠ ᠮᠡᠳᠦ ᠶᠢᠨ ᠤᠯᠠᠨ ᠳᠦᠷᠦᠯ ᠤᠨ ᠪᠦᠳᠦᠬᠡᠯ ᠬᠢᠬᠦ ᠳᠤ ᠨᠢ ᠳᠤᠰᠠ ᠪᠤᠯᠳᠠᠭ᠃ ᠦᠷᠬᠡᠨ ᠤᠯᠠᠨ ᠬᠡᠷᠡᠭᠯᠡᠭᠴᠢ ᠶᠢᠨ ᠢᠶᠠᠨ ᠬᠦᠰᠡᠯ ᠨᠠᠶᠢᠳᠠᠯᠭ᠎ᠠ ᠶᠢ ᠬᠦᠰᠡᠷᠳᠡᠬᠦᠯᠬᠦ ᠦᠬᠡᠢ  ᠶᠢᠨ ᠲᠦᠯᠦᠭᠡ ᠲᠡᠷᠡ ᠦᠨᠡᠨᠴᠢ ᠤᠪᠤᠷ᠂ ᠳᠠᠷᠤᠤ ᠵᠠᠩ᠂ ᠢᠳᠡᠬᠡᠯ ᠨᠠᠶᠢᠳᠠᠪᠤᠷᠢ ᠲᠠᠢ ᠠᠵᠢᠯᠯᠠᠳᠠᠭ᠃ᠵᠠᠯᠠᠭᠤ ᠨᠠᠰᠤ ᠪᠤᠯ ᠬᠦᠮᠦᠨ ᠤ ᠠᠮᠢᠳᠤᠷᠠᠯ ᠤᠨ ᠬᠠᠮᠤᠭ ᠨᠠᠨᠳᠢᠨ ᠴᠠᠭ ᠦᠶ᠎ᠡ᠂ ᠦᠢᠯᠡᠰ ᠪᠦᠳᠦᠬᠡᠯ ᠪᠤᠯ ᠵᠠᠯᠠᠭᠤ ᠨᠠᠰᠤᠨ ᠤ ᠬᠠᠮᠤᠭ ᠶᠡᠭᠡ ᠴᠢᠮᠡᠭ ᠪᠤᠯᠬᠤ ᠶᠤᠮ᠃ ᠢᠯᠡᠨ᠎ᠠ ᠪᠢᠯᠢᠭᠪᠡᠭᠠᠳᠤᠷ ᠬᠤᠶᠠᠭᠤᠯᠠ ᠪᠠᠨ ᠦᠪᠡᠷ ᠦᠪᠡᠷ ᠤᠨ ᠬᠡᠰᠡᠨ ᠠᠵᠢᠯ ᠤᠨ ᠪᠠᠶᠢᠷᠢᠨ ᠳᠤ ᠪᠠᠨ ᠴᠠᠭ ᠲᠠᠢ ᠤᠷᠤᠯᠳᠤᠵᠦ ᠴᠢᠷᠮᠠᠶᠢᠨ ᠠᠵᠢᠯᠯᠠᠵᠦ᠂ ᠠᠵᠠ ᠵᠢᠷᠭᠠᠯᠳᠤ ᠠᠮᠢᠳᠤᠷᠠᠯ ᠢᠶᠠᠨ ᠬᠠᠮᠳᠤᠪᠠᠷ ᠴᠤᠭᠴᠠᠯᠠᠵᠦ᠂ ᠦᠶ᠎ᠡ ᠶᠢᠨ ᠤᠯᠠᠨ ᠵᠠᠯᠠᠭᠤᠴᠤᠳ ᠲᠤ ᠪᠠᠨ ︽ᠬᠠᠮᠤᠭ ᠭᠤᠶᠤ ᠬᠡᠷ ᠪᠦᠯᠢ︾ ᠶᠢᠨ ᠳᠠᠭᠤᠷᠢᠶᠠᠯ ᠪᠤᠯᠤᠭᠰᠠᠨ ᠪᠠᠶᠢᠨ᠎ᠠ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号