ᠪᠠ᠊ ᠤᠷᠢᠬᠠᠨ ᠰᠢᠨᠵᠢᠯᠲᠦ ᠮᠡᠳᠡᠭᠡᠯᠡᠪᠡ | ᠡᠨᠡ ᠡᠪᠦᠯ ᠤᠨ ᠬᠠᠬᠢᠷ ᠬᠦᠢᠳᠡᠨ᠂ ᠴᠠᠰᠤ ᠶᠡᠬᠡᠲᠠᠢ ᠪᠠᠶᠢᠳᠠᠯ ᠳᠤ ᠴᠢᠭᠯᠡᠬᠦᠯᠦᠨ᠂ ᠮᠠᠨ ᠤ ᠬᠤᠰᠢᠭᠤ ᠨᠢ | ᠤᠷᠢᠳᠴᠢᠯᠠᠨ ᠪᠦᠳᠦᠮᠵᠢᠲᠠᠢ ᠠᠷᠭ᠎ᠠ ᠬᠡᠮᠵᠢᠶ᠎ᠡ ᠠᠪᠴᠤ᠂ ᠪᠦᠬᠦ ᠬᠤᠰᠢᠭᠤᠨ ᠤ 23 ᠲᠦᠮᠡᠨ ᠮᠠᠯ ᠤᠨ ᠮᠡᠨᠳᠦ | ᠤᠨᠳᠤᠷᠤᠯᠳᠠ ᠶᠢ ᠪᠠᠲᠤᠯᠠᠵᠤ ᠪᠠᠶᠢᠨ᠎ᠠ᠃ | ᠪᠤᠭᠳᠠ ᠶᠢᠨ ᠭᠤᠤᠯ ᠰᠤᠮᠤᠨ ᠤ ᠴᠠᠭᠠᠨ ᠲᠡᠷᠡᠰᠦ ᠭᠠᠴᠠᠭᠠᠨ ᠳᠤ ᠬᠦᠷᠬᠦ ᠳᠤ᠂ ᠮᠠᠯᠴᠢᠨ ᠦᠨᠢᠷᠴᠡᠴᠡᠭ ᠤᠨ | ᠬᠢᠨ ᠶᠠᠭ ᠦᠭᠡᠷ ᠬᠤᠨᠢ ᠪᠠᠨ ᠬᠤᠳᠠᠯᠠᠵᠤ᠂ ᠲᠡᠵᠢᠭᠡᠯ ᠪᠤᠷᠳᠤᠭ᠎ᠠ ᠦᠭᠴᠦ ᠶᠠᠭᠠᠷᠠᠨ᠎ᠠ᠃ ᠦᠨᠢᠷᠴᠡᠴᠡᠭ ᠤᠨ ᠬᠢᠨ | ᠪᠤᠯ᠂ ᠮᠠᠨ ᠤ ᠬᠤᠰᠢᠭᠤᠨ ᠤ ᠨᠠᠮ ᠤᠨ ᠬᠡᠰᠢᠬᠦᠨ ᠭᠤᠤᠯᠳᠠᠯᠭᠠᠲᠤ ᠡᠷᠦᠬᠡ ᠪᠦᠭᠡᠳ ᠭᠡᠪᠴᠢᠶᠡᠵᠢᠭᠰᠡᠨ ᠴᠠᠬᠠᠷ ᠬᠤᠨᠢ | ᠲᠡᠵᠢᠬᠡᠨ ᠦᠷᠡᠵᠢᠬᠦᠯᠬᠦ ᠡᠷᠦᠬᠡ ᠪᠠᠶᠢᠵᠤ᠂ ᠤᠳᠤᠬᠠᠨ ᠳᠤ᠂ 3800 ᠭᠠᠷᠤᠢ ᠮᠤ᠋ ᠨᠤᠳᠤᠭ ᠪᠡᠯᠴᠢᠭᠡᠷ ᠲᠡᠭᠡᠷ᠎ᠡ ᠪᠠᠨ᠂ | ᠬᠤᠶᠠᠷ ᠵᠠᠭᠤ ᠲᠠᠪᠢᠭᠠᠳ ᠴᠠᠬᠠᠷ ᠬᠤᠨᠢ᠂ ᠲᠦᠴᠢᠨ ᠦᠭᠡᠷ ᠮᠠᠯᠵᠢᠵᠤ ᠪᠠᠶᠢᠨ᠎ᠠ᠃ ᠤᠶᠢᠯᠭᠠᠭᠰᠠᠨ ᠢᠶᠠᠷ᠄ ᠡᠨᠡ ᠵᠢᠯ | ᠤᠨ ᠡᠪᠦᠯ᠂ ᠤᠶᠢᠷ᠎ᠠ ᠶᠢᠨ ᠬᠡᠳᠦᠨ ᠵᠢᠯ ᠳᠤ ᠲᠤᠬᠢᠶᠠᠯᠳᠤᠭ᠎ᠠ ᠦᠭᠡᠢ ᠬᠠᠬᠢᠷ ᠬᠦᠢᠳᠡᠨ᠂ ᠴᠠᠰᠤ ᠲᠠᠢ ᠡᠪᠦᠯ | ᠲᠤᠬᠢᠶᠠᠯᠳᠤᠭᠰᠠᠨ ᠠᠴᠠ᠂ ᠦᠨᠢᠷᠴᠡᠴᠡᠭ ᠤᠨ ᠬᠢᠨ ᠡᠪᠦᠯ ᠤᠨ ᠤᠯᠠᠷᠢᠯ ᠳᠤ ᠬᠡᠷᠡᠭᠰᠡᠬᠦ ᠮᠠᠯ ᠤᠨ ᠡᠪᠡᠰᠦ ᠪᠤᠷᠳᠤᠭᠠᠨ | ᠤ ᠨᠦᠬᠡᠴᠡ ᠨᠢ ᠡᠩ ᠤᠨ ᠵᠢᠯ ᠠᠴᠠ ᠲᠠᠬᠢᠨ ᠨᠡᠮᠡᠭᠳᠡᠭᠰᠡᠨ ᠪᠠᠶᠢᠨ᠎ᠠ᠃ ᠡᠳᠡᠨᠠᠶᠢᠬᠢᠨ᠂ ᠬᠤᠰᠢᠭᠤᠨ ᠤ《 ᠮᠠᠯ ᠢᠶᠠᠨ | ᠡᠷᠳᠡ ᠭᠠᠷᠭᠠᠬᠤ᠂ ᠲᠦᠷᠭᠡᠨ ᠭᠠᠷᠭᠠᠬᠤ》ᠣᠷᠢᠶᠠᠯᠭ᠎ᠠ ᠶᠢ ᠳᠠᠭᠠᠵᠦ᠂ ᠨᠢᠭᠡ ᠪᠦᠯᠦᠭ ᠮᠠᠯ ᠢᠶᠠᠨ ᠡᠷᠳᠡ ᠵᠠᠷᠣᠵᠦ᠂ | ᠡᠪᠦᠯᠵᠢᠭᠦ ᠮᠠᠯ ᠳᠠᠭᠠᠨ ᠲᠠᠯᠠᠭᠠᠳ ᠲᠤᠨ ᠡᠪᠡᠰᠦ ᠪᠤᠷᠳᠤᠭ᠎ᠠ ᠨᠦᠭᠡᠴᠡᠯᠡᠵᠡᠢ᠃ | ᠮᠠᠯᠴᠢᠨ ᠦᠨᠢᠷᠴᠡᠴᠡᠭ᠄ ᠡᠨᠡ ᠡᠪᠦᠯ ᠭᠦᠢᠲᠡᠨ ᠲᠡᠭᠡᠷ᠎ᠡ ᠠᠴᠠ ᠪᠠᠨ ᠴᠠᠰᠤ ᠶᠡᠭᠡᠲᠠᠢ᠂ ᠬᠤᠨᠢ ᠮᠠᠯ ᠪᠡᠯᠴᠢᠭᠡᠷ | ᠲᠤ ᠭᠠᠷᠴᠤ ᠴᠢᠳᠠᠬᠤ ᠦᠭᠡᠢ ᠪᠦᠷ ᠬᠤᠷᠢᠵᠤ ᠲᠡᠵᠢᠭᠡᠭᠰᠡᠨ ᠠᠴᠠ ᠡᠪᠡᠰᠦ ᠪᠣᠷᠳᠤᠭ᠎ᠠ ᠬᠡᠷᠡᠭᠯᠡᠬᠦ ᠬᠡᠮᠵᠢᠶ᠎ᠡ ᠶᠡᠭᠡ | ᠪᠤᠯᠤᠭᠰᠠᠨ ᠮᠠᠨ ᠤ ᠬᠢ ᠭᠠᠳᠠᠨ᠎ᠠ ᠠᠴᠠ 20 ᠲᠤᠨ ᠡᠪᠡᠰᠦ ᠤᠷᠤᠭᠤᠯᠤᠨ ᠵᠠᠰᠠᠭ ᠠᠴᠠ ᠬᠠᠷᠢᠴᠠᠵᠤ ᠦᠭᠭᠦᠭᠰᠡᠨ | ᠬᠦᠮᠦᠷᠭᠡᠨ ᠤ ᠡᠪᠡᠰᠦᠨ ᠠᠴᠠ 40 ᠲᠤᠨ ᠬᠤᠳᠠᠯᠳᠤᠵᠤ ᠠᠪᠤᠭᠰᠠᠨ ᠡᠨᠡ ᠨᠢ ᠵᠠᠬ᠎ᠠ ᠶᠢᠨ ᠦᠨ᠎ᠡ ᠠᠴᠠ ᠲᠤᠤᠷ᠎ᠠ | ᠤᠳᠤᠬᠠᠨ ᠳᠤ ᠬᠤᠷᠢ ᠭᠤᠴᠢᠭᠠᠳ ᠦᠨᠢᠶ᠎ᠡ ᠲᠤᠭᠤᠯᠯᠠᠭᠠᠳ ᠪᠠᠶᠢᠨ᠎ᠠ ᠴᠠᠭᠠᠨ ᠰᠠᠷ᠎ᠠ ᠶᠢᠨ ᠦᠶ᠎ᠡ ᠳᠤ ᠬᠤᠨᠢ | ᠡᠬᠢᠯᠡᠬᠡᠳ ᠲᠦᠯᠯᠡᠨ᠎ᠡ ᠤᠳᠤᠬᠠᠨ ᠳᠤ ᠮᠠᠨ ᠤ ᠬᠤᠨᠢ ᠦᠬᠡᠷ ᠮᠡᠨᠳᠦ ᠤᠨᠳᠤᠷᠤᠯᠳᠠ ᠪᠠᠨ ᠪᠠᠲᠤᠯᠠᠭᠠᠳ ᠪᠠᠶᠢᠨ᠎ᠠ᠃ | ᠤᠶᠢᠷ᠎ᠠ ᠳᠤ᠂ ᠪᠦᠬᠦ ᠬᠤᠰᠢᠭᠤᠨ ᠤ ᠮᠠᠯᠴᠢᠳ ᠤᠨ ᠮᠠᠯ ᠤᠨ ᠡᠪᠡᠰᠦ ᠪᠤᠷᠳᠤᠭ᠎ᠠ ᠲᠤᠳᠠᠭᠳᠠᠵᠤ ᠪᠠᠶᠢᠭ᠎ᠠ | ᠠᠰᠠᠭᠤᠳᠠᠯ ᠢ ᠦᠨᠡᠨᠬᠦ ᠰᠢᠢᠳᠪᠦᠷᠢᠯᠡᠭᠦ ᠡᠭᠦᠳᠡᠨ ᠠᠴᠠ᠂ ᠮᠠᠨ ᠤ ᠬᠤᠰᠢᠭᠤ ᠨᠢ ᠡᠪᠡᠰᠦᠨ ᠬᠦᠮᠦᠷᠭᠡ ᠪᠠᠨ ᠨᠡᠭᠡᠭᠡᠵᠦ᠂ | ᠤᠬᠤᠷᠬᠠᠨ ᠨᠢᠭᠡ ᠭᠠᠷᠠᠭ ᠤᠨ ᠬᠤᠭᠤᠴᠠᠭᠠᠨ ᠳᠤ ᠮᠠᠯᠴᠢᠳ ᠲᠤ᠂ ᠵᠠᠬ᠎ᠠ ᠳᠡᠯᠭᠡᠭᠦᠷ ᠤᠨ ᠬᠠᠨᠭ᠍ᠰᠢ ᠠᠴᠠ ᠲᠣᠣᠷ᠎ᠠ | ᠦᠨ᠎ᠡ ᠪᠠᠷ᠂ 4000 ᠭᠠᠷᠤᠢ ᠲᠦᠮᠡᠨ ᠵᠢᠩ ᠤᠨ ᠡᠪᠡᠰᠦ ᠬᠠᠨᠭ᠍ᠭᠠᠬᠰᠠᠨ ᠤ ᠬᠠᠮᠳᠣ ᠬᠠᠮᠢᠶᠠᠲᠠᠢ ᠰᠠᠯᠠᠭ᠎ᠠ ᠮᠦᠴᠢᠷ | ᠤᠨ ᠬᠢᠨ ᠨᠢᠭᠳᠠ ᠬᠠᠮᠵᠢᠯᠴᠠᠨ᠂ ᠮᠠᠯᠴᠢᠳ ᠤᠨ ᠡᠪᠡᠰᠦ ᠲᠡᠭᠡᠭᠡᠪᠦᠷᠢᠯᠡᠬᠦ ᠵᠠᠮ ᠢ ᠰᠠᠭᠠᠳ ᠦᠭᠡᠢ ᠨᠡᠪᠳᠡᠷᠡᠭᠦᠯᠵᠦ | ᠦᠭᠭᠦᠭᠰᠡᠨ ᠢᠶᠠᠷ ᠮᠠᠯᠴᠢᠳ ᠤᠨ ᠲᠠᠷᠤᠭᠠᠰᠤ ᠶᠢ ᠶᠡᠬᠡᠬᠡᠨ ᠬᠦᠩᠭᠡᠯᠡᠵᠦ᠂ ᠮᠠᠯᠴᠢᠳ ᠤᠨ ᠮᠠᠯ ᠢᠶᠠᠨ ᠮᠡᠨᠳᠦ | ᠣᠨᠳᠣᠷᠣᠭᠤᠯᠬᠤ ᠳᠤ ᠪᠠᠲᠤᠯᠠᠭ᠎ᠠ ᠬᠠᠨᠭ᠍ᠭᠠᠵᠠᠢ᠃ | 2020 ᠤᠨ ᠳᠤ᠂ ᠮᠠᠨ ᠤ ᠬᠤᠰᠢᠭᠤ ᠨᠢ 30.04 ᠲᠦᠮᠡᠨ ᠪᠣᠳᠠ ᠪᠤᠭ ᠮᠠᠯ ᠵᠠᠷᠣᠴᠠᠭᠤᠯᠵᠦ᠂ ᠨᠡᠶᠢᠳᠡ | 23.68 ᠲᠦᠮᠡᠨ ᠲᠤᠯᠤᠭᠠᠢ ᠮᠠᠯ ᠡᠪᠦᠯᠵᠢᠭᠦᠯᠵᠦ᠂ ᠪᠦᠬᠦ ᠬᠤᠰᠢᠭᠤᠨ ᠤ 60 ᠭᠠᠴᠠᠭ᠎ᠠ ᠨᠡᠶᠢᠳᠡ 5000 ᠲᠦᠮᠡᠨ | ᠺᠢᠯᠤᠭ᠍ᠷᠠᠮ ᠡᠪᠡᠰᠦ ᠪᠤᠷᠳᠤᠭ᠎ᠠ ᠨᠦᠭᠡᠴᠢᠯᠡᠨ᠂ ᠬᠤᠰᠢᠭᠤᠨ ᠤ ᠬᠤᠶᠠᠷ ᠶᠡᠭᠡ ᠡᠪᠡᠰᠦᠨ ᠬᠦᠮᠦᠷᠭᠡᠨ ᠳᠡᠭᠡᠨ | ᠨᠡᠶᠢᠳᠡ 610 ᠲᠦᠮᠡᠨ ᠺᠢᠯᠤᠭ᠍ᠷᠠᠮ ᠡᠪᠡᠰᠦ ᠨᠦᠭᠡᠴᠡᠯᠡᠭᠰᠡᠨᠪᠠᠶᠢᠨᠠ᠃ | ᠬᠦᠪᠡᠭᠡᠲᠦ ᠰᠢᠷ᠎ᠠ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠭᠡ ᠮᠡᠷᠭᠡᠵᠢᠯ ᠤᠨ | ᠲᠤᠪᠴᠢᠶᠠᠨ ᠤ ᠬᠠᠷᠢᠭᠤᠴᠠᠯᠭᠠᠳᠠᠨ ᠬᠠᠰᠡᠷᠳᠡᠨᠢ᠄ ᠮᠠᠨ ᠤ ᠤ ᠬᠤᠰᠢᠭᠤ ᠨᠢ ᠡᠪᠦᠯ ᠤᠨ ᠮᠠᠯ ᠤᠨ ᠮᠡᠨᠳᠦ | ᠤᠨᠳᠤᠷᠤᠯᠳᠠ ᠶᠢ ᠪᠠᠲᠤᠯᠠᠬᠤ ᠡᠭᠦᠳᠡᠨ ᠠᠴᠠ᠂ 2020 ᠤᠨ ᠤ ᠨᠠᠮᠤᠷ ᠠᠴᠠ ᠡᠬᠢᠯᠡᠨ ᠮᠠᠯ ᠤᠨ ᠭᠠᠷᠭᠠᠯᠳᠠ ᠶᠢᠨ | ᠠᠵᠢᠯ ᠢ ᠢᠳᠡᠪᠬᠢᠲᠠᠢ ᠦᠷᠨᠢᠬᠦᠯᠵᠦ ᠨᠦᠬᠦᠬᠡ ᠲᠠᠯ᠎ᠠ ᠪᠠᠷ ᠮᠠᠯᠴᠢᠳ ᠤᠨ ᠡᠪᠡᠰᠦ ᠪᠤᠷᠳᠤᠭ᠎ᠠ ᠨᠦᠭᠡᠴᠢᠯᠡᠬᠦ ᠳᠤ ᠨᠢ | ᠢᠳᠡᠪᠭᠢᠲᠠᠢ ᠦᠢᠯᠡᠴᠢᠯᠡᠭᠡ ᠬᠠᠩᠭᠠᠨ᠂ ᠮᠠᠯᠴᠢᠳ ᠤᠨ ᠡᠪᠡᠰᠦ ᠪᠤᠷᠳᠤᠭᠠᠨ ᠤ ᠨᠦᠭᠡᠴᠡ ᠶᠢᠨ ᠲᠠᠷᠤᠭᠠᠰᠤ ᠢ | ᠬᠦᠩᠭᠡᠯᠡᠵᠦ᠂ ᠡᠪᠦᠯ ᠤᠨ ᠬᠠᠬᠢᠷ ᠬᠦᠢᠳᠡᠨ ᠪᠤᠯᠤᠨ ᠴᠠᠰᠤ ᠶᠡᠭᠡᠲᠠ ᠪᠠᠶᠢᠳᠠᠯ ᠳᠤ ᠴᠢᠭᠯᠡᠬᠦᠯᠦᠨ ᠬᠠᠮᠢᠶ᠎ᠠ ᠪᠦᠬᠦᠢ | ᠪᠠᠶᠢᠭᠤᠯᠤᠯᠭ᠎ᠠ ᠨᠢᠭᠡᠴᠡ ᠲᠠᠢ ᠬᠠᠮᠵᠢᠯᠴᠠᠨ ᠴᠢᠨᠠᠷ ᠰᠠᠶᠢᠲᠠᠢ ᠡᠪᠡᠰᠦ ᠬᠠᠷᠢᠯᠴᠠᠨ ᠣᠷᠤᠭᠤᠯᠵᠤ᠂ ᠮᠠᠯᠴᠢᠳ ᠳᠤ ᠡᠪᠦᠯ | ᠤᠨ ᠲᠦᠯ ᠲᠤᠰᠬᠤ ᠠᠵᠢᠯ ᠳᠤ ᠮᠡᠷᠭᠡᠵᠢᠯ ᠤᠨ ᠵᠢᠯᠤᠭᠤᠳᠤᠮᠵᠢ ᠬᠢᠵᠦ᠂ ᠭᠠᠮᠰᠢᠭ ᠢ ᠰᠡᠷᠭᠡᠶᠢᠯᠡᠨ ᠭᠠᠮᠰᠢᠭ ᠠᠴᠠ | ᠠᠪᠤᠷᠠᠬᠤ ᠪᠡᠯᠡᠳᠭᠡᠯ ᠢ ᠴᠠᠭ ᠢᠮᠠᠭᠳᠠ ᠬᠢᠵᠦ᠂ ᠪᠦᠬᠦ ᠬᠤᠰᠢᠭᠤᠨ ᠤ ᠮᠠᠯ ᠤᠨ ᠮᠡᠨᠳᠦ ᠤᠨᠳᠤᠷᠤᠯᠳᠠ ᠶᠢ | ᠪᠠᠲᠤᠯᠠᠵᠠᠢ᠃ | ᠮᠠᠨ ᠤ ᠬᠤᠰᠢᠭᠤ ᠨᠢ ᠴᠤᠯ ᠮᠠᠯᠵᠢᠬᠤ ᠬᠤᠰᠢᠭᠤ ᠪᠤᠯᠤᠭᠰᠠᠨ ᠤ ᠬᠤᠪᠢ ᠳᠤ᠂《 ᠠᠷᠪᠠᠨ ᠭᠤᠷᠪᠠᠳᠤᠭᠠᠷ | ᠲᠠᠪᠤᠨ ᠵᠢᠯ ᠤᠨ ᠲᠦᠯᠦᠪᠯᠡᠭᠡᠨ》 ᠤ ᠬᠤᠭᠤᠴᠠᠭᠠᠨ ᠳᠤ᠂ ᠮᠠᠯᠵᠢᠬᠤ ᠦᠢᠯᠡᠳᠪᠦᠷᠢᠯᠡᠯ ᠤᠨ ᠰᠠᠭᠤᠷᠢ ᠪᠦᠳᠦᠭᠡᠨ | ᠪᠠᠶᠢᠭᠤᠯᠤᠯᠳᠠ ᠶᠢ ᠦᠷᠭᠦᠯᠵᠢᠯᠡᠨ ᠴᠢᠩᠭᠠᠳᠬᠠᠵᠤ᠂ ᠪᠦᠬᠦ ᠬᠤᠰᠢᠭᠤᠨ ᠤ ᠡᠪᠡᠰᠦ ᠬᠠᠳᠤᠵᠤ ᠬᠤᠷᠢᠶᠠᠬᠤ ᠴᠢᠳᠠᠮᠵᠢ | 1800 ᠲᠦᠮᠡᠨ ᠺᠢᠯᠤᠭ᠍ᠷᠠᠮ ᠳᠤ ᠬᠦᠷᠴᠦ᠂ ᠦᠨᠳᠦᠷ ᠤᠨᠠᠯᠳᠠᠲᠤ ᠪᠤᠷᠳᠤᠭᠠᠨ ᠰᠠᠭᠤᠷᠢᠨ ᠤ ᠲᠠᠯᠠᠪᠠᠢ 4.1 ᠲᠦᠮᠡᠨ | ᠮᠤ᠋ ᠶᠢ ᠪᠠᠲᠤᠯᠠᠵᠤ᠂ ᠡᠷᠳᠡᠨᠢ ᠰᠢᠰᠢ ᠶᠢᠨ ᠤᠨᠠᠯᠳᠠ 4000 ᠺᠢᠯᠤᠭ᠍ᠷᠠᠮ ᠳᠤ ᠬᠦᠷᠴᠦ᠂ ᠤᠷᠲᠤ ᠨᠠᠰᠤᠲᠤ ᠲᠠᠷᠢᠮᠠᠯ | ᠤᠨ ᠲᠠᠯᠠᠪᠠᠢ 0.2 ᠲᠦᠮᠡᠨ ᠮᠤ᠋ ᠶᠢ ᠲᠠᠪᠠᠵᠤ᠂ ᠨᠡᠶᠢᠳᠡ 15.1 ᠲᠦᠮᠡᠨ ᠲᠡᠭᠰᠢ ᠲᠦᠷᠪᠡᠯᠵᠢᠨ ᠮᠧᠲᠷ ᠤᠨ ᠲᠠᠯᠠᠪᠠᠢ | ᠲᠠᠢ ᠫᠧᠩ ᠬᠤᠷᠤᠭ᠎ᠠ ᠪᠤᠯᠤᠨ 3.8 ᠲᠦᠮᠡᠨ ᠲᠡᠭᠰᠢ ᠲᠦᠷᠪᠡᠯᠵᠢᠨ ᠮᠧᠲᠷ ᠤᠨ ᠲᠠᠯᠠᠪᠠᠢ ᠲᠠᠢ ᠡᠪᠡᠰᠦᠨ ᠬᠦᠮᠦᠷᠭᠡ | ᠶᠢ ᠪᠦᠳᠦᠭᠡᠨ ᠪᠠᠶᠢᠭᠤᠯᠵᠠᠢ᠃ | |