ᠬᠤᠰᠢᠭᠤᠨ ᠤ ᠡᠪᠡᠰᠤᠨ ᠤ ᠦᠢᠯᠡᠰ ᠤᠨ ᠵᠠᠬ᠎ᠠ ᠳᠡᠯᠭᠡᠬᠦᠷ ᠤᠨ ᠦᠢᠯᠡᠴᠢᠯᠡᠬᠡᠨ ᠤ ᠳᠦᠪ ᠤᠨ ᠡᠪᠡᠰᠤ ᠬᠠᠳᠠᠭᠠᠯᠠᠬᠤ ᠦᠢᠯᠡᠳᠤᠯ ᠢ ᠬᠦᠢᠴᠡᠳ ᠪᠠᠳᠠᠷᠠᠭᠤᠯᠵᠤ᠂ ᠬᠦᠪᠡᠬᠡᠲᠦ ᠰᠢᠷ᠎ᠠ ᠬᠤᠰᠢᠭᠤ ᠮᠠᠯᠵᠢᠬᠤ ᠡᠷᠦᠭᠡ ᠶᠢᠨ ᠪᠠᠴᠢᠮ ᠭᠡᠷᠡᠭᠰᠡᠬᠦ ᠡᠪᠡᠰᠦ ᠪᠤᠷᠳᠤᠭᠠᠨ ᠤ ᠬᠠᠨᠭ᠍ᠭᠠᠯᠭ᠎ᠠ ᠶᠢ ᠪᠠᠳᠤᠯᠠᠵᠦ ᠪᠠᠶᠢᠨ᠎ᠠ
ᠨᠡᠶᠢᠲᠡᠯᠡᠭᠰᠡᠨ ᠴᠠᠭ᠄
2021/2/3
     ᠬᠦᠪᠡᠬᠡᠲᠦ ᠰᠢᠷ᠎ᠠ ᠬᠤᠰᠢᠭᠤᠨ ᠤ ᠡᠪᠡᠰᠦᠨ ᠤ ᠦᠢᠯᠡᠰ ᠤᠨ ᠵᠠᠬ᠎ᠠ ᠳᠡᠯᠭᠡᠭᠦᠷ ᠤᠨ ᠦᠢᠯᠡᠴᠢᠯᠡᠬᠡᠨ ᠤ ᠲᠦᠪ ᠨᠢ ᠤᠷᠤᠨ ᠨᠤᠲᠤᠭ ᠤᠨ ᠢᠶᠠᠨ ᠵᠠᠬ᠎ᠠ ᠳᠡᠯᠭᠡᠭᠦᠷ ᠤᠨ ᠡᠪᠡᠰᠦᠨ ᠤ ᠦᠨ᠎ᠡ ᠬᠠᠩᠰᠢ ᠶᠢ ᠳᠣᠭᠳᠠᠪᠣᠷᠢᠵᠢᠭᠤᠯᠬᠤ ᠶᠢᠨ ᠵᠡᠷᠭᠡᠪᠡᠷ ᠮᠠᠯᠵᠢᠬᠤ ᠡᠷᠥᠭᠡ ᠶᠢᠨ ᠡᠪᠡᠰᠦ ᠲᠤᠳᠠᠭᠳᠠᠬᠤ ᠠᠰᠠᠭᠤᠳᠠᠯ ᠢ ᠢᠳᠡᠪᠬᠢᠲᠡᠢ ᠰᠢᠢᠳᠪᠣᠷᠢᠯᠡᠵᠥ᠂ ᠮᠠᠯ ᠠᠵᠤ ᠠᠬᠤᠢ ᠶᠢᠨ ᠤᠶᠢᠯᠡᠳᠪᠤᠷᠢᠯᠡᠯ ᠤᠨ ᠴᠢᠨᠡᠷ ᠰᠠᠶᠢᠲᠠᠢ ᠬᠦᠭᠵᠢᠯᠲᠠ ᠪᠠ ᠮᠠᠯᠴᠢᠳ ᠤᠨ ᠤᠷᠤᠯᠭ᠎ᠠ ᠶᠢᠨ ᠨᠡᠮᠡᠭᠲᠡᠯ ᠢ ᠪᠠᠲᠤᠯᠠᠵᠥ᠂ ᠮᠠᠯᠴᠢᠳ ᠤᠨ ᠬᠠᠯᠠᠭᠤᠨ ᠬᠥᠷᠢᠶᠡᠯᠡᠯ ᠢ ᠤᠯᠵᠦ ᠪᠠᠶᠢᠨ᠎ᠠ᠃      ᠭᠠᠷᠴᠦ ᠮᠡᠳᠡᠬᠦ ᠭᠠᠮᠰᠢᠭ ᠵᠤᠳ ᠢ ᠰᠡᠷᠭᠡᠶᠢᠯᠡᠵᠦ᠂ ᠭᠠᠴᠢᠭᠳᠠᠵᠤ ᠰᠠᠨᠳᠣᠷᠬᠤ ᠦᠶ᠎ᠡ ᠳᠤ ᠭᠠᠷ ᠮᠡᠬᠦᠰᠳᠡᠬᠦ ᠦᠭᠡᠢ ᠪᠠᠶᠢᠬᠤ ᠶᠢ ᠪᠠᠲᠤᠯᠠᠬᠤ ᠵᠣᠷᠢᠯᠭ᠎ᠠ ᠪᠠᠷ 2015 ᠣᠨ ᠳᠤ ᠳᠡᠭᠡᠲᠦ ᠱᠠᠳᠤᠨ ᠤ 1304.6 ᠲᠦᠮᠡᠨ ᠲᠦᠭᠦᠷᠢᠭ ᠤᠨ ᠲᠤᠰᠬᠠᠢ ᠪᠡᠯᠡ ᠤᠷᠤᠭᠤᠯᠤᠯᠲᠠ ᠪᠠᠷ ᠲᠤᠰ ᠬᠤᠰᠢᠭᠤ ᠡᠪᠡᠰᠦᠨ ᠤ ᠦᠢᠯᠡᠰ ᠤᠨ ᠵᠠᠬ᠎ᠠ ᠳᠡᠯᠭᠡᠭᠦᠷ ᠤᠨ ᠦᠢᠯᠡᠴᠢᠯᠡᠬᠡᠨ ᠤ ᠲᠦᠪ ᠪᠠᠶᠢᠭᠤᠯᠪᠠ᠃ ᠥᠢᠯᠡᠴᠢᠯᠡᠭᠡᠨ ᠤ ᠲᠥᠪ ᠲᠠᠬᠢ ᠡᠪᠡᠰᠦᠨ ᠬᠦᠮᠦᠷᠭᠡ ᠨᠢ ᠨᠢᠭᠡᠯᠡ ᠳᠡᠭᠡᠷ᠎ᠡ 5000 ᠲᠤᠨ ᠡᠪᠡᠰᠦ ᠬᠠᠳᠠᠭᠠᠯᠠᠵᠤ ᠲᠡᠶᠢᠯᠬᠦ ᠪᠠᠭᠲᠠᠭᠠᠮᠵᠢ ᠲᠠᠢ ᠪᠥᠭᠡᠳ ᠠᠰᠢᠭᠯᠠᠯᠲᠠ ᠳᠤ ᠤᠷᠤᠭᠰᠠᠨ ᠤ ᠲᠠᠷᠠᠭ᠎ᠠ ᠵᠢᠯ ᠨᠢ ᠡᠵᠡᠩᠨᠡᠯᠲᠡ ᠶᠢᠨ ᠴᠤᠭᠴᠠ ᠶᠢ ᠬᠤᠪᠢᠷᠠᠭᠤᠯᠤᠨ ᠲᠡᠰ ᠲᠡᠪᠰᠢᠬᠦᠯᠬᠦ ᠡᠬᠦᠲᠡᠨ ᠠᠴᠠ ᠲᠡᠬᠢᠨᠲᠡ 460 ᠲᠦᠮᠡᠨ ᠲᠦᠬᠦᠷᠢᠭ ᠤᠨ ᠪᠠᠯᠠ ᠤᠷᠤᠭᠤᠯᠤᠨ᠂ ᠠᠶᠤᠯᠬᠦᠢ ᠤᠶᠢᠯᠡᠳᠪᠤᠷᠢᠯᠡᠯ ᠢ ᠪᠠᠲᠤᠯᠠᠬᠤ ᠪᠠᠷ ᠭᠠᠯ ᠤᠨᠲᠠᠷᠠᠭᠠᠬᠤ ᠲᠤᠨᠤᠭ ᠲᠦᠬᠦᠭᠡᠷᠤᠮᠵᠢ ᠶᠢ ᠱᠠᠭᠠᠷᠲᠠᠯᠭ᠎ᠠ ᠶᠤᠰᠤᠭᠠᠷ ᠢᠵᠢ ᠪᠥᠷᠢᠲᠥᠬᠦᠯᠵᠡᠢ᠃ ᠡᠨᠡ ᠰᠠᠭᠤᠷᠢᠨ ᠲᠡᠭᠡᠷ᠎ᠡ ᠡᠷᠲᠡᠨᠢ ᠰᠢᠰᠢ ᠶᠢᠨ ᠡᠰᠢ ᠰᠦᠷᠡᠯ ᠵᠡᠷᠬᠡ ᠪᠦᠲᠤᠬᠦᠯᠢᠭ ᠡᠪᠡᠰᠤ ᠶᠢ ᠮᠦᠬᠦᠯᠢᠭᠵᠢᠬᠦᠯᠤᠨ ᠪᠤᠯᠪᠠᠰᠤᠷᠠᠭᠤᠯᠬᠤ ᠪᠠᠰᠠ ᠨᠢᠭᠡᠨ 1000 ᠲᠤᠨ ᠤ ᠬᠦᠮᠤᠷᠭᠡ ᠪᠠᠶᠢᠭᠤᠯᠵᠤ᠂ ᠵᠢᠯ ᠪᠦᠷᠢ ᠴᠠᠭᠠᠨ ᠰᠠᠷ᠎ᠠ ᠦᠩᠭᠡᠷᠡᠮᠡᠭᠴᠡ ᠲᠤᠭᠲᠠᠭᠰᠠᠨ ᠴᠡᠭ ᠠᠴᠠ ᠪᠠᠨ 5000 — 7000 ᠲᠤᠨ ᠨᠤᠭᠤᠭᠠᠨ ᠲᠠᠷᠤᠰᠢ ᠤᠷᠤᠭᠤᠯᠤᠨ᠂ ᠪᠦᠬᠦ ᠬᠤᠰᠢᠭᠤᠨ ᠤ ᠮᠠᠯᠵᠢᠬᠤ ᠡᠷᠥᠭᠡ ᠶᠢᠨ ᠪᠠᠴᠢᠮ ᠬᠡᠷᠡᠭᠰᠡᠬᠦ ᠡᠪᠡᠰᠤ ᠪᠤᠷᠲᠤᠭᠠᠨ ᠤ ᠬᠠᠨᠭ᠍ᠭᠠᠯᠭ᠎ᠠ ᠶᠢ ᠪᠠᠲᠤᠯᠠᠵᠦ ᠢᠷᠡᠭᠰᠡᠨ ᠪᠠᠶᠢᠨ᠎ᠠ᠃      ᠡᠨᠡ ᠲᠣᠬᠠᠢ ᠲᠣᠰ ᠦᠢᠯᠡᠴᠢᠯᠡᠬᠡᠨ ᠤ ᠲᠥᠪ ᠤᠨ ᠡᠳᠦᠷ ᠳᠤᠳᠤᠮ ᠤᠨ ᠠᠵᠢᠯ ᠢ ᠰᠢᠭᠤᠳ ᠬᠠᠮᠢᠶᠠᠷᠴᠤ ᠪᠠᠶᠢᠭ᠎ᠠ ᠬᠠᠷᠢᠭᠤᠴᠠᠯᠭᠠᠳᠠᠨ ᠪᠦᠳᠦᠭᠡᠭᠴᠢ ᠨᠦᠬᠦᠷ᠄ ︽ᠪᠢ ᠠᠳᠡ ᠠᠵᠢᠯᠯᠠᠭᠠᠳ 6 ᠵᠢᠯ ᠪᠤᠯᠵᠥ ᠪᠠᠶᠢᠨ᠎ᠠ᠃ ᠮᠦᠨ ᠴᠤ ᠡᠪᠡᠰᠦ ᠣᠷᠣᠭᠤᠯᠵᠦ ᠭᠠᠷᠭᠠᠬᠤ ᠠᠵᠢᠯ ᠢ ᠰᠢᠭᠤᠳ ᠭᠠᠷᠳᠠᠨ ᠬᠦᠢᠴᠡᠳᠭᠡᠵᠦ ᠪᠠᠶᠢᠭ᠎ᠠ ᠪᠣᠯᠬᠤᠷ ᠵᠢᠯ ᠪᠦᠷᠢ ᠶᠢᠨ 8 — 12 ᠰᠠᠷ᠎ᠠ ᠬᠦᠷᠳᠡᠯ᠎ᠡ ᠡᠪᠡᠰᠦ ᠣᠷᠣᠭᠤᠯᠬᠤ ᠠᠴᠠ ᠡᠬᠢᠯᠡᠭᠡᠳ ᠳᠠᠷᠠᠭ᠎ᠠ ᠵᠢᠯ ᠤᠨ ᠬᠢᠨᠢ 1 ᠰᠠᠷ᠎ᠠ ᠶᠢᠨ ᠳᠤᠮᠳᠠᠴᠢ ᠠᠴᠠ ᠡᠪᠡᠰᠦ ᠭᠠᠷᠭᠠᠵᠦ ᠬᠤᠲᠠᠯᠲᠤᠬᠤ ᠪᠣᠯᠳᠠᠯ᠎ᠠ ᠪᠠᠷᠤᠭ ᠪᠦᠳᠦᠨ 6 ᠰᠠᠷ᠎ᠠ ᠶᠢᠨ ᠲᠤᠷᠰᠢ ᠮᠠᠰᠢ ᠶᠠᠭᠠᠷᠠᠯᠲᠠᠢ ᠠᠵᠢᠯᠯᠠᠳᠠᠭ᠃ ᠤᠷᠴᠢᠮ ᠤᠨ ᠭᠤᠷᠪᠠᠨ ᠵᠢᠯ ᠠᠴᠠ ᠮᠠᠨ ᠤ ᠬᠤᠰᠢᠭᠤᠨ ᠤ ᠰᠠᠭᠠᠯᠢ ᠶᠢᠨ ᠦᠨᠢᠶᠡᠨ ᠤ ᠲᠤᠭ᠎ᠠ ᠨᠡᠮᠡᠭᠳᠡᠬᠦ ᠶᠢ ᠳᠠᠭᠠᠯᠳᠣᠨ ᠵᠤᠨ ᠳᠤ ᠪᠠᠨ ᠴᠤ ᠬᠡᠰᠡᠨ ᠠᠵᠢᠯ ᠳᠠᠰᠤᠷᠠᠬᠤ ᠦᠭᠡᠢ ᠪᠣᠯᠵᠠᠢ᠃ ᠤᠨᠴᠠᠭᠠᠢᠢᠯᠠᠨ ᠵᠤᠨ ᠨᠢ ᠭᠠᠩᠳᠠᠵᠦ᠂ ᠡᠪᠦᠯ ᠨᠢ ᠪᠠᠰᠠ ᠴᠠᠰᠤ ᠰᠢᠭᠤᠷᠭ᠎ᠠ ᠶᠡᠬᠡᠲᠡᠢ ᠪᠣᠯᠬᠤ ᠳᠤ ᠬᠦᠷᠪᠡᠯ᠂ ᠡᠪᠡᠰᠦᠨ ᠤ ᠱᠠᠭᠠᠷᠳᠠᠯᠭ᠎ᠠ ᠤᠯᠠᠮ ᠪᠠᠴᠢᠮ ᠪᠣᠯᠵᠦ ᠬᠠᠩᠭᠠᠯᠭ᠎ᠠ ᠨᠢ ᠬᠡᠷᠡᠭᠴᠡᠭᠡᠨ ᠳᠤ ᠪᠠᠨ ᠬᠦᠷᠬᠦ ᠦᠭᠡᠢ ᠦᠵᠡᠭᠳᠡᠯ ᠭᠠᠷᠲᠠᠭ᠃ ᠮᠠᠨ ᠤ ᠡᠪᠡᠰᠦᠨ ᠤ ᠥᠢᠯᠡᠰ ᠤᠨ ᠵᠠᠬ᠎ᠠ ᠲᠡᠯᠭᠡᠭᠦᠷ ᠤᠨ ᠦᠢᠯᠡᠴᠢᠯᠡᠬᠡᠨ ᠤ ᠲᠦᠪ ᠨᠢ ᠶᠡᠷᠦ ᠶᠢᠨ ᠵᠢᠯ ᠳᠤ 1 ᠰᠠᠷ᠎ᠠ ᠶᠢᠨ ᠳᠤᠮᠳᠠᠴᠢ ᠪᠠᠷ ᠡᠪᠡᠰᠦ ᠪᠠᠨ ᠬᠤᠳᠠᠯᠳᠤᠵᠦ ᠡᠬᠢᠯᠡᠳᠡᠭ᠃ ᠡᠨᠡ ᠵᠢᠯ ᠬᠠᠷᠢᠨ ᠮᠠᠯᠴᠢᠳ ᠤᠨ ᠡᠪᠡᠰᠦ ᠠᠪᠬᠤ ᠪᠠᠴᠢᠮ ᠱᠠᠭᠠᠷᠳᠠᠯᠭ᠎ᠠ ᠠᠴᠠ ᠪᠣᠯᠵᠦ᠂ 5 ᠡᠳᠦᠷ ᠤᠨ ᠡᠮᠦᠨ᠎ᠡ ᠨᠡᠬᠡᠬᠡᠵᠦ᠂ ᠣᠳᠣ ᠪᠠᠷᠤᠭ ᠬᠦᠮᠦᠷᠭᠡ ᠳᠠᠬᠢ ᠡᠪᠡᠰᠦ ᠪᠠᠨ ᠭᠠᠷᠭᠠᠵᠦ ᠪᠠᠷᠠᠯ᠎ᠠ᠃ ᠢᠢᠮᠤ ᠠᠴᠠ ᠤᠲᠤᠬᠠᠨ ᠳᠤ ᠤᠢᠢᠷ᠎ᠠ ᠤᠷᠴᠢᠮ ᠤᠨ ᠭᠠᠵᠠᠷ ᠠᠴᠠ ᠪᠠᠭ᠎ᠠ ᠬᠡᠮᠵᠢᠶ᠎ᠡ ᠪᠠᠷ ᠡᠪᠡᠰᠦ ᠣᠷᠣᠭᠤᠯᠵᠣ ᠪᠤᠢ︾ ᠭᠡᠵᠥ ᠲᠠᠨᠢᠯᠴᠠᠭᠤᠯᠤᠯ᠎ᠠ᠃      ᠡᠶᠢᠨ ᠬᠦ ᠲᠤᠰ ᠬᠤᠰᠢᠭᠤᠨ ᠤ ᠡᠪᠡᠰᠥᠨ ᠤ ᠥᠢᠯᠡᠰ ᠤᠨ ᠵᠠᠬ᠎ᠠ ᠲᠡᠯᠭᠡᠭᠦᠷ ᠤᠨ ᠥᠢᠯᠡᠴᠢᠯᠡᠭᠡᠨ ᠤ ᠲᠥᠪ ᠨᠢ ᠮᠠᠯᠵᠢᠬᠤ ᠡᠷᠥᠭᠡ ᠳᠤ ᠲᠤᠩ ᠶᠡᠭᠡ ᠲᠤᠰᠠ ᠲᠡᠮᠵᠢᠯᠭᠡ ᠪᠤᠯᠵᠥ᠂ ︽ᠬᠠᠵᠠᠭᠤ ᠳᠤ ᠮᠠᠨᠢ ᠠᠯᠪᠠᠨ ᠤ ᠲᠠᠯ᠎ᠠ ᠠᠴᠠ ᠬᠠᠮᠢᠶᠠᠷᠴᠦ ᠪᠠᠶᠢᠬᠤ ᠡᠶᠢᠮᠦ ᠨᠢᠭᠡ ᠶᠠᠭᠤᠮ᠎ᠠ ᠪᠠᠶᠢᠬᠤ ᠴᠢᠨᠢ ᠶᠣᠰᠣᠲᠠᠢ ᠠᠮᠢ ᠠᠪᠣᠷᠠᠵᠦ ᠪᠠᠶᠢᠨ᠎ᠠ ᠰᠢᠦ︕︾ ᠭᠡᠵᠥ ᠠᠰᠢᠭ ᠲᠤᠰᠠ ᠶᠢ ᠨᠢ ᠬᠥᠷᠲᠡᠭᠰᠡᠨ ᠮᠠᠯᠴᠢᠳ ᠤᠨ ᠲᠠᠯᠠᠷᠬᠠᠯ ᠤᠨ ᠶᠠᠷᠢᠶ᠎ᠠ ᠶᠢ ᠪᠠᠶᠢᠡᠭᠭᠤ ᠲᠤᠭᠤᠯᠲᠠᠲᠠᠭ᠃ ᠤᠢᠢᠯᠠᠭᠠᠭᠰᠠᠨ ᠢᠶᠠᠷ᠂ ᠲᠤᠰ ᠬᠤᠰᠢᠭᠤᠨ ᠤ ᠡᠪᠡᠰᠥᠨ ᠤ ᠥᠢᠯᠡᠰ ᠤᠨ ᠵᠠᠬ᠎ᠠ ᠲᠡᠯᠭᠡᠭᠦᠷ ᠤᠨ ᠥᠢᠯᠡᠴᠢᠯᠡᠭᠡᠨ ᠤ ᠲᠥᠪ ᠨᠢ ᠡᠪᠡᠰᠥ ᠬᠠᠲᠠᠭᠠᠯᠠᠵᠥ ᠬᠥᠮᠥᠷᠭᠡᠯᠡᠬᠦ ᠳᠤ ᠪᠠᠨ ᠡᠪᠡᠰᠥᠨ ᠤ ᠴᠢᠨᠠᠷ ᠢ ᠴᠢᠬᠤᠯᠠᠴᠢᠯᠠᠵᠥ᠂ ᠮᠠᠨ ᠤ ᠠᠶᠢᠮᠠᠭ ᠤᠨ ᠤᠯᠠᠭᠠᠢ ᠬᠠᠮᠢᠶᠠᠷᠤᠯᠲᠠ ᠶᠢᠨ ᠤᠷᠤᠨ᠂ ᠵᠡᠬᠦᠨ ᠥᠵᠥᠮᠥᠴᠢᠨ ᠬᠤᠰᠢᠭᠤ᠂ ᠪᠠᠷᠠᠭᠤᠨ ᠥᠵᠥᠮᠥᠴᠢᠨ ᠬᠤᠰᠢᠭᠤ ᠠᠴᠠ ᠡᠪᠡᠰᠥ ᠤᠷᠤᠭᠤᠯᠬᠤ ᠪᠠᠷ ᠪᠠᠷᠠᠬᠤ ᠥᠭᠡᠢ ᠬᠥᠯᠥᠨ ᠪᠥᠢᠷ ᠬᠤᠲᠠ᠂ ᠴᠢᠨᠠᠭᠰᠢᠯᠠᠪᠠᠯ ᠵᠡᠬᠦᠨ ᠬᠤᠶᠢᠲᠦ ᠶᠢᠨ ᠮᠣᠵᠢ ᠬᠤᠲᠠ ᠠᠴᠠ ᠬᠦᠷᠳᠡᠯ᠎ᠡ ᠤᠷᠤᠭᠤᠯᠲᠠᠭ᠃ ᠡᠵᠡᠩᠨᠡᠯᠲᠡ ᠶᠢᠨ ᠲᠠᠯ᠎ᠠ ᠪᠠᠷ ᠵᠠᠬ᠎ᠠ ᠳᠡᠯᠭᠡᠭᠦᠷ ᠢᠶᠠᠷ ᠵᠢᠯᠤᠭᠤᠳᠤᠮᠵᠢ ᠪᠣᠯᠭᠠᠵᠥ᠂ ᠦᠢᠯᠡᠴᠢᠯᠡᠬᠡᠨ ᠤ ᠲᠦᠪ ᠤᠨ ᠳᠣᠭᠳᠠᠭᠠᠭᠰᠠᠨ ᠡᠪᠡᠰᠦᠨ ᠤ ᠦᠨ᠎ᠡ ᠬᠠᠩᠰᠢ ᠨᠢ ᠶᠡᠷᠦᠩᠭᠡᠢ ᠳᠤ ᠪᠠᠨ ᠪᠦᠬᠦ ᠬᠤᠰᠢᠭᠤᠨ ᠤ ᠬᠡᠪᠴᠢᠶᠡᠨ ᠳᠠᠬᠢ ᠡᠪᠡᠰᠦᠨ ᠤ ᠦᠨ᠎ᠡ ᠶᠢ ᠲᠤᠭᠳᠠᠪᠣᠷᠢᠵᠢᠭᠤᠯᠵᠥ᠂ ᠥᠨ᠎ᠠ ᠬᠠᠨᠭ᠍ᠰᠢ ᠶᠢᠨ ᠲᠤᠭᠲᠠᠭᠤᠨ ᠪᠠᠶᠢᠲᠠᠯ ᠪᠠ ᠡᠮᠬᠢ ᠲᠢᠭᠯᠢᠮ ᠢ ᠪᠠᠲᠤᠯᠠᠲᠠᠭ ᠪᠤᠯᠬᠤᠷ ᠮᠠᠯᠵᠢᠬᠤ ᠡᠷᠥᠭᠡ ᠳᠤ ᠲᠤᠩ ᠶᠡᠭᠡ ᠠᠰᠢᠭ ᠬᠥᠷᠲᠡᠭᠡᠵᠥ ᠪᠠᠶᠢᠨ᠎ᠠ᠃      ︽ᠡᠪᠡᠰᠦ ᠲᠠᠢ ᠪᠣᠯ ᠮᠠᠯ ᠲᠠᠢ᠂ ᠮᠠᠯ ᠲᠠᠢ ᠪᠣᠯ ᠮᠦᠩᠭᠦ ᠲᠠᠢ︾ ᠬᠡᠳᠡᠭᠴᠢᠯᠡᠨ᠂ ᠲᠣᠰ ᠬᠤᠰᠢᠭᠤᠨ ᠤ ᠡᠪᠡᠰᠦᠨ ᠤ ᠦᠢᠯᠡᠰ ᠤᠨ ᠵᠠᠬ᠎ᠠ ᠳᠡᠯᠬᠡᠭᠦᠷ ᠤᠨ ᠦᠢᠯᠡᠴᠢᠯᠡᠬᠡᠨ ᠤ ᠲᠥᠪ ᠨᠢ ᠪᠥᠬᠦ ᠬᠤᠰᠢᠭᠤᠨ ᠤ ᠭᠠᠮᠰᠢᠭ ᠢ ᠲᠤᠭᠤᠯᠬᠤ ᠬᠡᠯᠪᠡᠷᠢ ᠶᠢᠨ ᠮᠠᠯ ᠠᠵᠤ ᠠᠬᠤᠢ ᠶᠢᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠳᠤ ᠬᠥᠴᠥᠲᠡᠢ ᠪᠠᠲᠤᠯᠠᠭ᠎ᠠ ᠪᠤᠯᠵᠥ ᠪᠠᠶᠢᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号