ᠨᠥᠬᠦᠪᠤᠷᠢ ᠮᠥᠡᠭᠭᠦ ᠪᠠᠷ ᠨᠥᠭᠡᠴᠡ ᠡᠪᠡᠰᠥ ᠬᠠᠲᠠᠭᠠᠯᠠᠵᠥ ᠬᠠᠮᠲᠤ ᠶᠢᠨ ᠬᠤᠷᠠᠮᠲᠤᠯ ᠮᠥᠡᠭᠭᠦ ᠡᠬᠦᠲᠥᠨ᠎ᠠ
ᠨᠡᠶᠢᠲᠡᠯᠡᠭᠰᠡᠨ ᠴᠠᠭ᠄
2021/3/19
       — ᠪᠤᠷᠤᠳᠠᠪᠤᠰᠤ ᠭᠠᠴᠠᠭ᠎ᠠ ᠬᠠᠮᠳᠤ ᠶᠢᠨ ᠠᠵᠦ ᠠᠬᠤᠢ ᠪᠠᠨ ᠬᠦᠭᠵᠢᠬᠦᠯᠵᠦ ᠮᠠᠯᠴᠢᠳ ᠲᠤ ᠪᠠᠨ ᠠᠰᠢᠭ ᠬᠦᠷᠳᠡᠭᠡᠵᠦ ᠪᠠᠶᠢᠭ᠎ᠠ ᠶᠢ ᠲᠡᠮᠳᠡᠭᠯᠡᠪᠡ                                ᠤᠨᠴᠠ ᠤᠷᠢᠭᠰᠠᠨ ᠴᠢᠮᠡᠭᠡᠯᠡᠭᠴᠢ ᠲᠠᠯᠠᠨᠪᠠᠶᠠᠷ     ᠬᠠᠮᠲᠤ ᠶᠢᠨ ᠠᠵᠤ ᠠᠬᠤᠢ ᠶᠢ ᠬᠦᠭᠵᠢᠬᠦᠯᠬᠦ ᠶᠢᠨ ᠭᠤᠤᠯ ᠵᠤᠷᠢᠯᠲᠠ᠂ ᠡᠴᠥᠰ ᠤᠨ ᠬᠠᠷᠠᠯᠲᠠ ᠨᠢ ᠥᠪᠡᠷ ᠤᠨ ᠪᠡᠶ᠎ᠠ ᠳᠤ ᠪᠠᠨ ᠪᠠᠶᠢᠭ᠎ᠠ ᠲᠠᠪᠠᠭᠤᠯᠢᠭ ᠵᠥᠢᠯ ᠤᠨ ᠢᠶᠠᠨ ᠥᠷ᠎ᠠ ᠠᠰᠢᠭ ᠢ ᠬᠠᠮᠤᠭ ᠶᠡᠭᠡ ᠪᠠᠷ ᠪᠠᠲᠠᠷᠠᠭᠤᠯᠵᠥ᠂ ᠬᠠᠮᠲᠤ ᠤᠯᠠᠨ ᠢᠶᠠᠷ ᠢᠶᠠᠨ ᠠᠰᠢᠭ ᠬᠦᠷᠲᠡᠬᠦ ᠳᠤ ᠪᠠᠶᠢᠲᠠᠭ᠃ ᠬᠦᠪᠡᠭᠡᠲᠤ ᠰᠢᠷ᠎ᠠ ᠬᠤᠰᠢᠭᠤᠨ ᠤ ᠪᠤᠭᠲᠠ ᠶᠢᠨ ᠭᠤᠤᠯ ᠰᠤᠮᠤ ᠶᠢᠨ ᠪᠤᠷᠤᠲᠠᠪᠤᠰᠤ ᠭᠠᠴᠠᠭ᠎ᠠ ᠨᠢ ᠨᠢᠰᠭᠡᠯ ᠤᠨ ᠪᠠᠭᠤᠲᠠᠯ ᠪᠥᠲᠥᠭᠡᠨ ᠪᠠᠶᠢᠭᠤᠯᠬᠤ ᠳᠤ ᠨᠤᠲᠤᠭ ᠪᠡᠯᠴᠢᠭᠡᠷ ᠲᠠᠲᠠᠪᠤᠷᠢᠯᠠᠵᠥ ᠤᠯᠭᠤᠭᠰᠠᠨ ᠨᠥᠬᠦᠪᠤᠷᠢ ᠮᠥᠡᠭᠭᠦ ᠪᠠᠨ ᠬᠤᠰᠢᠭᠤᠨ ᠲᠥᠪ ᠲᠤ ᠡᠪᠡᠰᠤ ᠬᠦᠮᠤᠷᠭᠡᠯᠡᠨ ᠬᠠᠲᠠᠭᠠᠯᠠᠬᠤ ᠠᠷᠭ᠎ᠠ ᠪᠠᠷ ᠡᠷᠬᠢᠯᠲᠥᠬᠦᠯᠥᠨ ᠥᠷᠭᠡᠳᠭᠡᠵᠥ᠂ ᠬᠠᠮᠲᠤ ᠶᠢᠨ ᠠᠵᠤ ᠠᠬᠤᠢ ᠶᠢᠨ ᠬᠦᠭᠵᠢᠯᠲᠡ ᠶᠢᠨ ᠪᠡᠯᠡ ᠪᠠᠨ ᠨᠡᠮᠡᠭᠲᠡᠬᠦᠯᠵᠥ᠂ ᠮᠠᠯᠴᠢᠳ ᠲᠤ ᠪᠠᠨ ᠠᠰᠢᠭ ᠬᠦᠷᠲᠡᠭᠡᠵᠥ ᠪᠠᠶᠢᠭ᠎ᠠ ᠪᠢᠯᠡ᠃     ᠲᠤᠰ ᠭᠠᠴᠠᠭᠠᠨ ᠤ 12 ᠬᠤᠲᠠ ᠤᠰᠤ ᠪᠠᠷ ᠰᠠᠭᠤᠷᠢᠰᠢᠭᠰᠠᠨ 330 ᠭᠠᠷᠤᠢ ᠬᠦᠮᠤᠨ ᠠᠮᠠ ᠨᠢ 19 ᠲᠦᠮᠡ 8000 ᠮᠥ ᠨᠤᠲᠤᠭ ᠲᠡᠭᠡᠷ᠎ᠡ ᠶᠠᠷᠤᠩᠬᠡᠢ ᠳᠤ ᠪᠠᠨ ᠵᠢᠯ ᠪᠦᠷᠢ ᠡᠬᠡ ᠮᠡᠯ ᠢᠶᠠᠷ ᠭᠤᠤᠯᠯᠠᠭᠰᠠᠨ 1 ᠲᠦᠮᠡ ᠰᠢᠬᠠᠮ ᠪᠤᠲᠠ ᠪᠤᠭ ᠮᠠᠯ ︵ᠡᠬᠦᠨ ᠳᠤ ᠪᠤᠲᠠ ᠮᠠᠯ 800 ᠰᠢᠬᠠᠮ ᠪᠤᠢ︶᠎ ᠢᠶᠠᠨ ᠤᠨᠲᠤᠷᠤᠭᠤᠯᠵᠥ᠂ ᠠᠵᠤ ᠠᠮᠢᠲᠤᠷᠠᠯ ᠤᠨ ᠦᠨᠲᠤᠰᠤᠨ ᠢᠷᠡᠯᠲᠡ ᠪᠠᠨ ᠪᠤᠯᠭᠠᠲᠠᠭ ᠴᠤ ᠨᠤᠲᠤᠭ ᠪᠡᠯᠴᠢᠭᠡᠷ ᠢᠪᠴᠤᠤ ᠪᠤᠯᠬᠤᠷ 35% ᠤᠷᠴᠢᠮ ᠤᠨ ᠠᠶᠢᠯ ᠡᠷᠤᠬᠡ ᠨᠢ ᠭᠠᠲᠠᠭᠰᠢ ᠭᠠᠷᠴᠥ ᠬᠦᠴᠤᠨ ᠤ ᠠᠵᠢᠯ ᠬᠢᠬᠦ ᠪᠤᠶᠤ ᠬᠤᠲᠠ ᠪᠠᠯᠭᠠᠰᠤᠨ ᠳᠤ ᠤᠷᠤᠵᠥ ᠭᠤᠷᠪᠠᠲᠤᠭᠠᠷ ᠠᠵᠤ ᠤᠶᠢᠯᠡᠰ ᠡᠷᠬᠢᠯᠡᠬᠦ ᠪᠠᠶᠢᠲᠠᠯ ᠲᠠᠢ ᠪᠤᠯᠵᠠᠢ᠃ ᠭᠤᠷᠪᠠᠨ ᠵᠢᠯ ᠤᠨ ᠡᠮᠤᠨ᠎ᠡ ᠲᠡᠭᠡᠲᠤ ᠱᠠᠲᠤᠨ ᠤ ᠬᠠᠮᠢᠶ᠎ᠠ ᠪᠦᠬᠦᠢ ᠨᠢᠭᠡᠴᠢ ᠶᠢᠨ ᠲᠤᠰᠬᠠᠢ ᠪᠠᠶᠢᠴᠠᠭᠠᠨ ᠰᠤᠲᠤᠯᠤᠯᠲᠠ ᠪᠠ ᠵᠦᠪᠰᠢᠶᠡᠷᠡᠯ ᠢᠶᠠᠷ᠂ ᠲᠤᠰ ᠭᠠᠴᠠᠭᠠᠨ ᠳᠤ ᠨᠡᠶᠢᠳᠡᠮ ᠤᠨ ᠬᠡᠷᠡᠭᠯᠡᠭᠡᠨ ᠤ ᠨᠢᠰᠭᠡᠯ ᠤᠨ ᠪᠠᠭᠤᠲᠠᠯ ᠪᠥᠲᠥᠭᠡᠨ ᠪᠠᠶᠢᠭᠤᠯᠵᠥ᠂ 5 ᠬᠤᠲᠠ ᠤᠰᠤ ᠶᠢ ᠬᠠᠮᠤᠷᠤᠭᠰᠠᠨ 21 ᠡᠷᠤᠬᠡ ᠶᠢᠨ ᠭᠠᠵᠠᠷ ᠨᠤᠲᠤᠭ ᠠᠴᠠ ᠵᠤᠬᠢᠬᠤ ᠬᠡᠮᠵᠢᠶ᠎ᠠ ᠪᠠᠷ ᠲᠠᠲᠠᠪᠤᠷᠢᠯᠠᠵᠥ᠂ ᠬᠠᠮᠢᠶ᠎ᠠ ᠪᠥᠬᠦᠢ ᠲᠤᠭᠲᠠᠭᠠᠯ ᠶᠤᠰᠤᠭᠠᠷ ᠡᠷᠤᠬᠡ ᠪᠦᠷᠢ ᠳᠤ ᠨᠦᠬᠦᠪᠤᠷᠢ ᠤᠯᠭᠤᠬᠤ ᠶᠢᠨ ᠲᠠᠭᠠᠥ ᠭᠠᠴᠠᠭᠠᠨ ᠳᠤ ᠪᠠᠰᠠ ᠬᠠᠷᠢᠴᠠᠯ ᠶᠤᠰᠤᠭᠠᠷ ᠬᠡᠲᠤᠨ ᠠᠷᠪᠠᠨ ᠲᠦᠮᠡᠨ ᠲᠦᠬᠦᠷᠢᠭ ᠤᠨ ᠨᠥᠬᠦᠪᠤᠷᠢ ᠤᠯᠭᠤᠵᠥ᠂ ᠲᠤᠰ ᠭᠠᠴᠠᠭ᠎ᠠ ᠶᠢᠨ ᠬᠠᠮᠲᠤ ᠶᠢᠨ ᠠᠵᠤ ᠠᠬᠤᠢ ᠪᠠᠨ ᠬᠦᠭᠵᠢᠬᠦᠯᠬᠦ ᠳᠤ ᠠᠰᠢᠭ ᠲᠠᠢ ᠨᠦᠬᠦᠴᠡᠯ ᠪᠠ ᠲᠤᠬᠢᠶᠠᠯ ᠬᠠᠨᠭ᠍ᠭᠠᠭᠰᠠᠨ ᠪᠠᠶᠢᠨ᠎ᠠ᠃     ᠡᠨᠡ ᠲᠤᠬᠠᠢ ᠪᠤᠷᠤᠲᠠᠪᠤᠰᠤ ᠭᠠᠴᠠᠭᠠᠨ ᠤ ᠨᠡᠮ ᠤᠨ ᠡᠬᠦᠷ ᠤᠨ ᠱᠦᠵᠢ ᠭᠡᠷᠡᠯᠲᠤ᠄ ︽ᠭᠠᠴᠠᠭᠠᠨ ᠤ ᠬᠠᠮᠲᠤ ᠶᠢᠨ ᠠᠵᠤ ᠠᠬᠤᠢ ᠶᠢ ᠬᠦᠭᠵᠢᠬᠦᠯᠵᠥ᠂ ᠮᠠᠯᠴᠢᠳ ᠲᠤ ᠠᠰᠢᠭ ᠬᠦᠷᠲᠡᠭᠡᠬᠦ ᠨᠢ ᠦᠨᠲᠤᠰᠤᠨ ᠱᠠᠲᠤᠨ ᠤ ᠨᠠᠮ ᠤᠨ ᠵᠤᠬᠢᠶᠠᠨ ᠪᠠᠶᠢᠭᠤᠯᠤᠯᠲᠠ ᠶᠢᠨ ᠴᠢᠬᠤᠯᠡ ᠠᠵᠢᠯ ᠡᠬᠦᠷᠭᠡ ᠶᠢᠨ ᠨᠢᠭᠡ ᠪᠤᠯᠬᠤ ᠶᠤᠮ᠃ ᠭᠡᠪᠡᠴᠤ ᠮᠡᠨ ᠤ ᠭᠠᠴᠠᠭ᠎ᠠ ᠬᠠᠮᠲᠤ ᠶᠢᠨ ᠠᠵᠤ ᠠᠬᠤᠢ ᠶᠢ ᠬᠦᠭᠵᠢᠬᠦᠯᠬᠦ ᠨᠦᠬᠦᠴᠡᠯ ᠪᠠᠭᠤᠷᠠᠢ ᠪᠤᠯᠬᠤᠷ ᠤᠯᠡᠨ ᠵᠢᠯ ᠤᠨ ᠲᠤᠷᠰᠢ᠂ ᠵᠦᠪᠬᠡᠨ ᠭᠠᠴᠠᠭᠠᠨ ᠤ ᠠᠯᠪᠠᠨ ᠵᠠᠷᠤᠲᠠᠯ ᠢᠶᠠᠨ ᠠᠷᠪᠢᠯᠠᠬᠤ ᠠᠴᠠ ᠪᠢᠰᠢ᠂ ᠨᠢᠲᠤᠨ ᠳᠤ ᠦᠵᠡᠭᠲᠡᠮ᠎ᠡ ᠪᠤᠲᠠᠲᠤ ᠦᠷ᠎ᠡ ᠠᠰᠢᠭ ᠲᠠᠢ ᠠᠵᠢᠯ ᠬᠢᠵᠤ ᠴᠢᠲᠠᠭᠰᠠᠨ ᠦᠭᠡᠢ᠃ ᠲᠥᠷᠥᠬᠦᠥ ᠬᠡᠲᠥᠨ ᠵᠢᠯ ᠮᠠᠠ ᠤ ᠭᠠᠴᠠᠭᠠᠨ ᠤ ᠨᠤᠲᠤᠭ ᠲᠡᠭᠡᠷ᠎ᠡ ᠨᠡᠶᠢᠳᠡᠮ ᠤᠨ ᠬᠡᠷᠡᠭᠯᠡᠭᠡᠨ ᠤ ᠨᠢᠰᠭᠡᠯ ᠤᠨ ᠪᠠᠭᠤᠲᠠᠯ ᠪᠠᠶᠢᠭᠤᠯᠵᠥ᠂ ᠨᠤᠲᠤᠭ ᠪᠡᠯᠴᠢᠭᠡᠷ ᠲᠠᠲᠠᠪᠤᠷᠢᠯᠠᠭᠰᠠᠨ ᠬᠤᠪᠢ ᠠᠶᠢᠯ ᠪᠠ ᠭᠠᠴᠠᠭᠠᠨ ᠳᠤ ᠨᠦᠬᠦᠪᠤᠷᠢ ᠥᠭᠭᠦᠭᠰᠡᠨ ᠨᠢ ᠬᠠᠮᠲᠤ ᠶᠢᠨ ᠠᠵᠤ ᠠᠬᠤᠢ ᠶᠢ ᠬᠦᠭᠵᠢᠬᠦᠯᠬᠦ ᠲᠤᠬᠢᠶᠠᠯ ᠪᠤᠯᠵᠠᠢ᠃ ᠪᠢᠲᠠ ᠭᠠᠴᠠᠭᠠᠨ ᠤ ᠨᠠᠮ ᠤᠨ ᠡᠬᠦᠷ ᠪᠠ ᠠᠷᠠᠳ ᠤᠨ ᠵᠦᠪᠯᠡᠯ ᠲᠤᠲᠤᠷ᠎ᠠ ᠪᠠᠨ ᠶᠠᠷᠢᠯᠴᠠᠭᠰᠠᠨ ᠰᠠᠭᠤᠷᠢᠨ ᠲᠡᠭᠡᠷ᠎ᠡ ᠭᠡᠰᠢᠬᠦᠳ ᠤᠨ ᠬᠤᠷᠠᠯ ᠢᠶᠠᠷ ᠪᠠᠲᠤᠯᠠᠭᠤᠯᠵᠤ᠂ ᠡᠨᠡ ᠬᠦ ᠨᠦᠬᠦᠪᠤᠷᠢ ᠮᠦᠩᠬᠦ ᠪᠠᠨ ᠡᠪᠡᠰᠤ ᠬᠠᠲᠠᠭᠠᠯᠠᠬᠤ ᠠᠵᠢᠯ ᠲᠡᠭᠡᠷ᠎ᠡ ᠵᠠᠷᠤᠴᠠᠭᠤᠯᠬᠤ ᠪᠠᠷ ᠬᠤᠰᠢᠭᠤᠨ ᠤ ᠡᠪᠡᠰᠤ ᠪᠤᠷᠲᠤᠭᠠᠨ ᠤ ᠵᠠᠬ᠎ᠠ ᠲᠡᠯᠭᠡᠬᠦᠷ ᠤᠨ ᠤᠶᠢᠯᠡᠴᠢᠯᠡᠭᠡᠨ ᠤ ᠲᠦᠪ ᠠᠴᠠ ᠡᠪᠡᠰᠤ ᠬᠠᠲᠠᠭᠠᠯᠠᠬᠤ ᠬᠦᠮᠤᠷᠭᠡ ᠨᠢᠭᠡ ᠶᠢ ᠠᠪᠤᠭᠰᠠᠨ ᠪᠠᠶᠢᠨ᠎ᠠ᠃ 2019 ᠤᠨ ᠪᠠ 2020 ᠤᠨ ᠳᠤ ᠵᠢᠯ ᠪᠥᠷᠢ 50 — 60 ᠲᠦᠮᠡᠨ ᠲᠦᠬᠦᠷᠢᠭ ᠤᠨ ᠪᠡᠯᠡ ᠵᠠᠷᠤᠴᠠᠭᠤᠯᠤᠨ᠂ ᠨᠠᠮᠤᠷ ᠡᠷᠲᠡ ᠬᠢᠮᠲᠠ ᠲᠡᠭᠡᠷ᠎ᠠ ᠨᠢ 500 ᠲᠤᠨ ᠡᠪᠡᠰᠤ ᠤᠷᠤᠭᠤᠯᠤᠨ ᠬᠦᠮᠤᠷᠭᠡᠯᠡᠨ ᠬᠠᠲᠠᠭᠠᠯᠠᠵᠤ᠂ ᠲᠠᠷᠠᠭ᠎ᠠ ᠵᠢᠯ ᠤᠨ ᠬᠢᠨᠢ 1 ᠰᠠᠷ᠎ᠠ ᠳᠤ ᠨᠢᠭᠡᠲᠤᠯᠲᠠᠢ ᠨᠡᠭᠡᠭᠡᠵᠤ ᠬᠡᠷᠡᠭᠯᠡᠬᠦ ᠭᠠᠮᠰᠢᠭ ᠤᠨ ᠨᠦᠬᠡᠴᠠ ᠡᠪᠡᠰᠤ ᠪᠤᠯᠭᠠᠭᠰᠠᠨ ᠪᠥᠭᠡᠳ ᠡᠨᠡ ᠶᠠᠪᠤᠴᠠ ᠳᠤ ᠲᠡᠭᠡᠲᠤ ᠱᠠᠲᠤᠨ ᠠᠴᠠ ᠲᠤᠨ ᠪᠦᠷᠢ ᠳᠤ 200 ᠲᠦᠬᠦᠷᠢᠭ ᠤᠨ ᠨᠦᠬᠦᠪᠤᠷᠢ ᠤᠯᠭᠤᠪᠠ᠃ ᠨᠦᠬᠦᠭᠡ ᠲᠡᠯ᠎ᠡ ᠪᠠᠷ ᠮᠠᠯᠵᠢᠬᠤ ᠡᠷᠥᠭᠡ ᠳᠤ ᠨᠠᠮᠤᠷ ᠡᠷᠲᠡ ᠤᠷᠤᠭᠤᠯᠤᠭᠰᠠᠨ ᠡᠪᠡᠰᠤ ᠪᠠᠨ ᠤᠤᠯ ᠦᠨ᠎ᠡ ᠪᠠᠷ ᠨᠢ ᠦᠭᠲᠡᠭ ᠲᠤᠯᠠ 100 ᠲᠤᠨ ᠡᠪᠡᠰᠤᠨ ᠲᠡᠭᠡᠷ᠎ᠡ ᠪᠠᠷᠤᠭ 200 ᠲᠦᠬᠦᠷᠢᠭ ᠠᠷᠪᠢᠯᠠᠨ᠎ᠠ᠃ 2019 ᠤᠨ ᠳᠤ ᠭᠠᠴᠠᠭᠠᠨ ᠠᠴᠠ ᠲᠤᠨ ᠪᠦᠷᠢ ᠳᠤ 30 ᠲᠦᠬᠦᠷᠢᠭ ᠤᠨ ᠲᠡᠭᠡᠭᠡᠪᠤᠷᠢ ᠶᠢᠨ ᠰᠦᠢᠳᠭᠡᠯ ᠢ ᠬᠠᠷᠢᠭᠤᠴᠠᠵᠥ᠂ ᠤᠶᠢᠷ᠎ᠡ ᠳᠤ ᠪᠠᠰᠠ ᠦᠩᠭᠡᠷᠡᠬᠦ ᠨᠠᠮᠤᠷ ᠤᠷᠤᠭᠤᠯᠤᠭᠰᠠᠨ 500 ᠲᠤᠨ ᠡᠪᠡᠰᠤ ᠶᠢ ᠮᠠᠯᠵᠢᠬᠤ ᠡᠷᠤᠬᠡ ᠳᠤ 100 ᠪᠤᠭᠤᠯᠲᠠ ︵1 ᠪᠤᠭᠤᠯᠲᠠ ᠨᠢ 90 ᠵᠢᠩ︶᠂ ᠮᠠᠯᠵᠢᠬᠤ ᠪᠤᠰᠤ ᠡᠷᠤᠬᠡ ᠳᠤ 50 ᠪᠤᠭᠤᠯᠲᠠ ᠦᠭᠴᠤ᠂ ᠲᠡᠭᠡᠷ᠎ᠡ ᠨᠢ ᠲᠤᠨ ᠪᠦᠷᠢ ᠳᠤ 100 ᠲᠦᠬᠦᠷᠢᠭ ᠤᠨ ᠨᠦᠬᠦᠪᠤᠷᠢ ᠦᠭᠬᠦᠭᠰᠡᠨ ᠶᠤᠮ︾ ᠭᠡᠵᠤ ᠲᠠᠨᠢᠯᠴᠠᠭᠤᠯᠪᠠ᠃     ᠡᠶᠢᠨ ᠬᠦ ᠪᠤᠷᠤᠲᠠᠪᠤᠰᠤ ᠭᠠᠴᠠᠭ᠎ᠠ ᠵᠦᠪᠬᠡᠨ ᠡᠨᠡ ᠬᠤᠶᠠᠷ ᠵᠢᠯ ᠳᠤ ᠭᠠᠮᠰᠢᠭ ᠲᠤ ᠬᠡᠷᠡᠭᠯᠡᠬᠦ ᠡᠪᠡᠰᠤ ᠶᠢ ᠬᠦᠮᠤᠷᠭᠡᠯᠡᠵᠤ ᠬᠠᠲᠠᠭᠠᠯᠠᠭᠰᠠᠨ ᠢᠶᠠᠷ ᠲᠡᠭᠡᠲᠤ ᠱᠠᠲᠤᠨ ᠠᠴᠠ 20 ᠲᠦᠮᠡᠨ ᠲᠦᠬᠦᠷᠢᠭ ᠤᠨ ᠨᠦᠬᠦᠪᠤᠷᠢ ᠤᠯᠤᠭᠰᠠᠨ ᠪᠥᠭᠡᠳ ᠮᠠᠯᠵᠢᠬᠤ ᠡᠷᠥᠭᠡ ᠳᠤ ᠬᠢᠮᠲᠡ ᠦᠨ᠎ᠡ ᠪᠠᠷ ᠡᠪᠡᠰᠤ ᠦᠭᠴᠤ᠂ ᠬᠠᠮᠲᠤ ᠶᠢᠨ ᠠᠵᠤ ᠠᠬᠤᠢ ᠠᠴᠠ ᠬᠠᠮᠲᠤ ᠤᠯᠠᠨ ᠢᠶᠠᠷ ᠢᠶᠠᠨ ᠠᠰᠢᠭ ᠬᠦᠷᠲᠡᠵᠥ ᠪᠠᠶᠢᠭ᠎ᠠ ᠠᠵᠢ᠃ ᠬᠠᠮᠲᠤ ᠶᠢᠨ ᠬᠤᠷᠠᠮᠲᠤᠯ ᠮᠦᠩᠬᠦ ᠲᠠᠢ ᠪᠤᠯᠤᠭᠰᠠᠨ ᠢᠶᠠᠷ ᠲᠤᠰ ᠭᠠᠴᠠᠭ᠎ᠠ 2017 ᠤᠨ ᠳᠤ ᠪᠠᠷᠤᠭ 6 ᠲᠦᠮᠡ ᠰᠢᠬᠠᠮ ᠲᠦᠬᠦᠷᠢᠭ ᠵᠠᠷᠤᠴᠠᠭᠤᠯᠵᠤ᠂ ᠭᠠᠴᠠᠭᠠᠨ ᠤ ᠪᠦᠬᠦ ᠮᠠᠯᠴᠢᠳ ᠤᠨ ᠬᠤᠷᠰᠢᠬᠰᠡᠨ ᠡᠮᠨᠡᠯᠭᠡ ᠶᠢᠨ ᠰᠦᠢᠳᠭᠡᠯ ᠢ ᠤᠷᠤᠯᠠᠨ ᠲᠤᠰᠢᠶᠠᠵᠥ ᠥᠭᠭᠦᠭᠰᠡᠨ ᠪᠠ 2018 ᠤᠨ ᠠᠴᠠ ᠤᠲᠤ ᠪᠤᠯᠲᠠᠯ᠎ᠠ ᠵᠢᠯ ᠪᠦᠷᠢ 3 ᠲᠦᠮᠡ ᠭᠠᠷᠤᠢ ᠲᠦᠬᠦᠷᠢᠭ ᠤᠨ ᠪᠡᠯᠡ ᠵᠠᠷᠤᠴᠠᠭᠤᠯᠵᠤ᠂ ᠬᠦᠮᠤᠨ ᠪᠦᠷᠢ ᠳᠤ 100 ᠲᠦᠬᠦᠷᠢᠭ ᠤᠨ ᠬᠤᠷᠰᠢᠬᠰᠡᠨ ᠡᠮᠨᠡᠯᠬᠡ ᠶᠢᠨ ᠨᠦᠬᠦᠪᠤᠷᠢ ᠮᠦᠩᠬᠦ ᠤᠯᠭᠤᠵᠤ ᠪᠠᠶᠢᠬᠤ ᠠᠴᠠ ᠭᠠᠲᠠᠨ᠎ᠠ ᠬᠦᠨᠲᠤ ᠡᠪᠡᠳᠴᠢᠲᠡᠳ ᠲᠤ ᠪᠠᠭ᠎ᠠ ᠪᠤᠰᠤ ᠲᠡᠮᠵᠢᠯᠭᠡ ᠦᠵᠡᠬᠦᠯᠵᠤ ᠪᠠᠶᠢᠨ᠎ᠠ᠃ ᠤᠨᠴᠠᠭᠠᠢᠢᠯᠠᠨ ᠦᠩᠭᠡᠷᠡᠬᠦ ᠵᠢᠯ ᠶᠡᠭᠡ ᠰᠤᠷᠭᠠᠭᠤᠯᠢ ᠳᠤ ᠰᠤᠷᠤᠯᠴᠠᠵᠤ ᠪᠠᠶᠢᠬᠤ ᠲᠤᠰ ᠭᠠᠴᠠᠭᠠᠨ ᠤ 9 ᠤᠶᠤᠲᠠᠨ ᠢᠶᠠᠨ ᠲᠤᠰᠪᠤᠷᠢ 1000 ᠲᠦᠬᠦᠷᠢᠭ ᠢᠶᠠᠷ ᠵᠤᠷᠢᠭᠵᠢᠭᠤᠯᠤᠨ ᠲᠡᠮᠵᠢᠭᠰᠡᠨ ᠪᠢᠯᠡ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号