ᠰᠤᠶᠤᠯ ᠲᠠᠮᠢᠷ ᠵᠢᠭᠤᠯᠴᠢᠯᠠᠯ ᠤᠨ ᠦᠢᠯᠡᠰ ᠦᠷᠨᠢᠨ ᠬᠦᠭᠵᠢᠪᠡ | | ᠠᠷᠪᠠᠨ ᠭᠤᠷᠪᠠᠳᠤᠭᠠᠷ ᠲᠠᠪᠤᠨ ᠵᠢᠯ ᠳᠤ ᠮᠠᠨ ᠤ ᠬᠤᠰᠢᠭᠤ ᠨᠢ ᠰᠢ ᠶᠢᠨ ᠫᠢᠩ ᠤᠨ ᠰᠢᠨ᠎ᠡ ᠴᠠᠭ ᠦᠶ᠎ᠡ | ᠶᠢᠨ ᠳᠤᠮᠳᠠᠳᠤ ᠤᠯᠤᠰ ᠤᠨ ᠤᠨᠴᠠᠯᠢᠭ ᠪᠦᠬᠦᠢ ᠨᠡᠶᠢᠬᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠮᠵᠢ | ᠪᠤᠯᠭᠠᠵᠦ᠂ ᠤᠯᠠᠨ ᠳᠦᠮᠡᠨᠴᠢ ᠰᠤᠶᠤᠯ ᠤᠨ ᠦᠢᠯᠡᠴᠢᠯᠡᠬᠡᠨ ᠤ ᠰᠢᠰᠲ᠋ᠧᠮ ᠤᠨ ᠪᠦᠳᠦᠬᠡᠨ ᠪᠠᠶᠢᠭᠤᠯᠤᠯᠳᠠ ᠶᠢ ᠤᠯᠠᠮ | ᠨᠢᠬᠡ ᠠᠯᠬᠤᠮ ᠴᠢᠩᠭᠠᠳᠬᠠᠵᠦ᠂ ᠰᠤᠶᠤᠯ᠂ ᠤᠷᠠᠯᠢᠭ᠂ ᠲᠠᠮᠢᠷ ᠤᠨ ᠦᠢᠯᠡᠰ ᠢ ᠤᠯᠠᠮ ᠨᠢᠬᠡ ᠠᠯᠬᠤᠮ | ᠬᠦᠭᠵᠢᠬᠦᠯᠵᠦ᠂ ᠦᠷᠬᠡᠨ ᠳᠦᠮᠡᠨ ᠤ ᠰᠤᠶᠤᠯ ᠤᠨ ᠠᠮᠢᠳᠤᠷᠠᠯ ᠢ ᠶᠡᠬᠡᠪᠡᠷ ᠪᠠᠶᠠᠯᠢᠭᠵᠢᠭᠤᠯᠤᠭᠰᠠᠨ ᠪᠠᠶᠢᠨ᠎ᠠ᠃ | ᠡᠨᠡ ᠵᠢᠯ ᠤᠨ 5 ᠰᠠᠷ᠎ᠠ ᠶᠢᠨ 19 ᠠᠴᠠ 23 ᠬᠦᠷᠳᠡᠯ᠎ᠡ ᠬᠤᠰᠢᠭᠤ ᠤᠯᠠᠭᠠᠨᠮᠦ᠋ᠴᠢᠷ᠂ ᠠᠰᠤᠷᠤ ᠤᠷᠠᠯᠢᠭ | ᠤᠨ ᠨᠡᠶᠢᠬᠡᠮᠯᠢᠭ᠂ ᠠᠷᠠᠳ ᠤᠨ ᠤᠷᠠᠯᠢᠭᠴᠢᠳ ᠢᠶᠠᠷ ᠪᠦᠷᠢᠯᠳᠦᠭᠰᠡᠨ ᠳᠤᠭᠯᠠᠯᠳᠠ ᠶᠢᠨ ᠪᠦᠯᠬᠦᠮ ᠨᠢ ᠰᠢᠨᠵᠢᠶᠠᠩ ᠤᠨ | ᠪᠤᠷᠤᠳᠠᠯ᠎ᠠ ᠵᠧᠦ ᠶᠢᠨ ᠷᠠᠰᠢᠶᠠᠨ ᠰᠢᠶᠠᠨ ᠳᠤ ᠬᠦᠷᠴᠦ ᠠᠰᠤᠷᠤ ᠤᠷᠠᠯᠢᠭ ᠤᠨ ᠳᠤᠭᠤᠷᠢᠨ ᠳᠤᠭᠯᠠᠯᠳᠠ ᠭᠠᠷᠭᠠᠵᠦ᠂ | ᠪᠦᠵᠢᠭ᠂ ᠳᠠᠭᠤᠤ᠂ ᠬᠦᠭᠵᠢᠮ ᠵᠡᠷᠬᠡ ᠤᠯᠠᠨ ᠳᠦᠷᠦᠯ ᠤᠨ ᠦᠵᠡᠬᠦᠯᠦᠯᠬᠡ ᠪᠠᠷ ᠪᠦᠷᠢᠯᠳᠦᠭᠰᠡᠨ ᠠᠰᠤᠷᠤ ᠤᠷᠠᠯᠢᠭ | ᠢᠶᠠᠨ ᠳᠤᠬᠠᠢ ᠶᠢᠨ ᠤᠷᠤᠨ ᠤ ᠠᠷᠠᠳ ᠳᠦᠮᠡᠨ ᠳᠤ ᠰᠤᠨᠢᠷᠬᠠᠭᠤᠯᠤᠭᠰᠠᠨ ᠳᠡᠳᠦᠢ ᠦᠬᠡᠢ ᠠᠰᠤᠷᠤ ᠤᠷᠠᠯᠢᠭ ᠤᠨ | ᠡᠬᠦᠰᠦᠯ ᠬᠤᠪᠢᠷᠠᠯ᠂ ᠳᠡᠦᠬᠡᠨ ᠳᠠᠬᠢ ᠪᠠᠶᠢᠷᠢ ᠰᠠᠭᠤᠷᠢ ᠵᠢᠴᠢ ᠤᠳᠤ ᠴᠠᠭ ᠲᠠᠬᠢ ᠠᠰᠤᠷᠤ ᠤᠷᠠᠯᠢᠭ ᠢ ᠬᠠᠮᠠᠭᠠᠯᠠᠨ | ᠬᠦᠭᠵᠢᠬᠦᠯᠬᠦ ᠳᠠᠯ᠎ᠠ ᠪᠠᠷ ᠬᠤᠶᠠᠷ ᠤᠷᠤᠨ ᠤ ᠤᠷᠠᠯᠢᠭᠴᠢᠨ᠂ ᠰᠤᠳᠤᠯᠤᠭᠠᠴᠢᠳ ᠠᠴᠠ ᠰᠤᠳᠤᠯᠤᠨ ᠶᠠᠷᠢᠯᠴᠠᠵᠦ᠂ | ᠦᠵᠡᠯ ᠪᠤᠳᠤᠯ ᠢᠶᠠᠨ ᠰᠤᠯᠢᠯᠴᠠᠭᠰᠠᠨ ᠨᠢ ᠮᠠᠨ ᠤ ᠬᠤᠰᠢᠭᠤᠨ ᠤ ᠠᠰᠤᠷᠤ ᠤᠷᠠᠯᠢᠭ ᠤᠨ ᠤᠯᠠᠮ ᠴᠢᠨᠠᠭᠰᠢᠳᠠ ᠶᠢᠨ | ᠬᠦᠭᠵᠢᠯ ᠳᠤ ᠨᠡᠩ ᠰᠠᠶᠢᠨ ᠨᠦᠬᠦᠴᠡᠯ ᠬᠠᠩᠭᠠᠵᠠᠢ᠃ | ᠠᠰᠤᠷᠤ ᠪᠤᠯ ᠮᠤᠩᠭᠤᠯ ᠦᠨᠳᠦᠰᠦᠳᠡᠨ ᠤ ᠨᠡᠬᠦᠳᠡᠯ ᠰᠤᠶᠤᠯ ᠤᠨ ᠬᠦᠷᠦᠰᠦᠨ ᠳᠤ ᠡᠰᠡᠨᠢᠨ ᠳᠤᠭᠳᠠᠵᠦ᠂ | ᠳᠠᠭᠤᠤ᠂ ᠪᠦᠵᠢᠭ᠂ ᠬᠦᠭᠵᠢᠮ ᠢ ᠬᠠᠪᠰᠤᠷᠭᠠᠭᠰᠠᠨ ᠨᠡᠶᠢᠯᠡᠯᠢᠭ ᠤᠷᠠᠯᠢᠭ ᠤᠨ ᠬᠡᠯᠪᠡᠷᠢ ᠪᠤᠯᠬᠤ ᠶᠤᠮ᠃ | ᠤᠶᠢᠯᠠᠭᠠᠭᠰᠠᠨ ᠢᠶᠠᠷ᠂ ᠴᠠᠬᠠᠷ ᠨᠤᠲᠤᠭ ᠲᠤ ᠠᠰᠤᠷᠤ ᠤᠷᠠᠯᠢᠭ ᠨᠢ ᠦᠷᠬᠡᠨ ᠢᠶᠠᠷ ᠤᠯᠠᠮᠵᠢᠯᠠᠭᠳᠠᠵᠦ᠂ ᠢᠯᠠᠩᠭᠤᠶ᠎ᠠ | ᠮᠠᠨ ᠤ ᠬᠤᠰᠢᠭᠤᠨ ᠳᠤ᠂ ︽ᠠᠳᠤᠭᠤᠴᠢᠨ ᠴᠠᠭᠠᠨ ᠠᠰᠤᠷᠤ︾ ︽ᠠᠳᠤᠭᠤᠴᠢᠨ ᠶᠤᠳᠪᠠᠢ ᠠᠰᠤᠷᠤ︾ ︽ | ᠬᠤᠨᠢᠴᠢᠨ ᠠᠰᠤᠷᠤ︾ ᠵᠡᠷᠬᠡ ᠠᠰᠤᠷᠤ ᠠᠶᠠᠯᠭᠤ ᠨᠤᠭᠤᠳ ᠦᠷᠬᠡᠨ ᠢᠶᠠᠷ ᠤᠯᠠᠮᠵᠢᠯᠠᠭᠳᠠᠵᠦ᠂ ᠴᠠᠬᠠᠷ ᠨᠤᠲᠤᠭ ᠤᠨ | ᠪᠦᠬᠦ ᠠᠰᠤᠷᠤ ᠠᠶᠠᠯᠭᠤ ᠶᠢᠨ ᠬᠠᠭᠠᠰ ᠠᠴᠠ ᠳᠡᠭᠡᠭᠰᠢᠬᠢ ᠨᠢ ᠮᠠᠨ ᠤ ᠬᠤᠰᠢᠭᠤᠨ ᠳᠤ ᠳᠦᠪᠯᠡᠷᠡᠵᠦ ᠪᠠᠶᠢᠭᠰᠠᠨ | ᠳᠦᠯᠦᠪ ᠲᠠᠢ᠃ ᠮᠠᠨ ᠤ ᠬᠤᠰᠢᠭᠤ ᠨᠢ ᠡᠨᠡᠬᠦ ᠰᠤᠶᠤᠯ ᠤᠨ ᠦᠨᠡᠳᠦ ᠦᠪ ᠢ ᠠᠭᠤᠳᠠᠯᠯᠠᠨ ᠳᠠᠨᠢᠵᠦ᠂ ᠤᠯᠠᠮᠵᠢᠯᠠᠨ | ᠬᠦᠭᠵᠢᠬᠦᠯᠬᠦ ᠳᠠᠯ᠎ᠠ ᠪᠠᠷ ᠤᠯᠠᠨ ᠤᠳᠠᠭᠠᠨ ᠤ ᠠᠰᠤᠷᠤ ᠤᠷᠠᠯᠢᠭ ᠤᠨ ᠡᠷᠳᠡᠮ ᠰᠢᠨᠵᠢᠯᠡᠬᠡᠨ ᠤ ᠰᠤᠳᠤᠯᠤᠨ | ᠶᠠᠷᠢᠯᠴᠠᠬᠤ ᠠᠵᠢᠯᠯᠠᠭ᠎ᠠ ᠦᠷᠨᠢᠬᠦᠯᠬᠦ ᠶᠢᠨ ᠵᠡᠷᠬᠡᠪᠡᠷ ᠠᠰᠤᠷᠤ ᠤᠷᠠᠯᠢᠭ ᠲᠤ ᠪᠠᠨ ᠬᠠᠶᠢᠷᠠᠳᠠᠢ ᠠᠷᠠᠳ ᠤᠨ | ᠤᠷᠠᠯᠢᠭᠴᠢᠨ ᠵᠢᠴᠢ ᠤᠯᠠᠭᠠᠨᠮᠦ᠋ᠴᠢᠷ ᠤᠨ ᠳᠤᠭᠯᠠᠭᠴᠢᠳ ᠠᠴᠠ ᠤᠯᠠᠨ ᠤᠳᠠᠭᠠᠨ ᠤ ᠶᠡᠭᠡ ᠪᠠᠭ᠎ᠠ ᠬᠡᠮᠵᠢᠶᠡᠨ ᠤ | ᠳᠤᠭᠤᠷᠢᠨ ᠳᠤᠭᠯᠠᠯᠳᠠ ᠭᠠᠷᠭᠠᠵᠦ᠂ ᠠᠰᠤᠷᠤ ᠤᠷᠠᠯᠢᠭ ᠤᠨ ᠢᠶᠠᠨ ᠡᠴᠢᠨ᠎ᠡ ᠭᠠᠶᠢᠬᠠᠮᠰᠢᠭ ᠢ ᠦᠷᠬᠡᠨ ᠳᠦᠮᠡᠨ ᠳᠤ | ᠪᠠᠨ ᠳᠡᠯᠬᠡᠨ ᠦᠵᠡᠬᠦᠯᠵᠦ᠂ ᠦᠨᠳᠦᠰᠦᠳᠡᠨ ᠤ ᠪᠠᠨ ᠤᠤᠭᠠᠯ ᠰᠤᠶᠤᠯ ᠢᠶᠠᠨ ᠦᠶ᠎ᠡ ᠶᠢᠨ ᠦᠶ᠎ᠡ ᠳᠤ ᠦᠪᠯᠡᠨ | ᠵᠠᠯᠭᠠᠮᠵᠢᠯᠠᠭᠤᠯᠬᠤ ᠪᠠᠷ ᠵᠤᠷᠢᠯᠭ᠎ᠠ ᠪᠠᠨ ᠪᠤᠯᠭᠠᠵᠠᠢ᠃ 2008 ᠤᠨ ᠳᠤ ᠮᠠᠨ ᠤ ᠬᠤᠰᠢᠭᠤ ᠨᠢ ︽ᠲᠤᠮᠳᠠᠳᠤ | ᠤᠯᠤᠰ ᠤᠨ ᠠᠰᠤᠷᠤ ᠠᠶᠠᠯᠭᠤ ᠶᠢᠨ ᠦᠯᠦᠭᠡᠢ 》 ᠪᠠᠷ ᠨᠡᠷᠡᠶᠢᠳᠦᠭᠳᠡᠵᠦ᠂ 2014 ᠤᠨ ᠳᠤ ᠲᠦᠷᠦ ᠶᠢᠨ | ᠶᠠᠪᠤᠳᠠᠯ ᠤᠨ ᠬᠤᠷᠢᠶᠠᠨ ᠤ ᠵᠦᠪᠰᠢᠶᠡᠷᠡᠯ ᠢᠶᠠᠷ ︽ᠠᠰᠤᠷᠤ︾ ᠤᠷᠠᠯᠢᠭ ᠢ ᠤᠯᠤᠰ ᠤᠨ ᠲᠡᠰ ᠤᠨ ᠪᠤᠳᠠᠰ ᠤᠨ | ᠪᠤᠰᠤ ᠰᠤᠶᠤᠯ ᠤᠨ ᠦᠪ ᠲᠤ ᠪᠦᠷᠢᠳᠬᠡᠭᠦᠯᠦᠭᠰᠡᠨ ᠢᠶᠠᠷ ᠠᠰᠤᠷᠤ ᠤᠷᠠᠯᠢᠭ ᠨᠢ ᠮᠠᠨ ᠤ ᠬᠤᠰᠢᠭᠤᠨ ᠤ ᠰᠤᠶᠤᠯ | ᠤᠨ ᠨᠡᠷᠡᠳᠦ ᠳᠡᠮᠳᠡᠭ ᠪᠤᠯᠤᠭᠰᠠᠨ ᠪᠠᠶᠢᠨ᠎ᠠ᠃ | ᠤᠶᠢᠷ᠎ᠠ ᠶᠢᠨ ᠵᠢᠯ ᠳᠤ ᠮᠠᠨ ᠤ ᠬᠤᠰᠢᠭᠤ ᠨᠢ ᠴᠠᠬᠠᠷ ᠰᠤᠶᠤᠯ ᠤᠷᠠᠯᠢᠭ ᠢᠶᠠᠨ ᠦᠪᠯᠡᠨ ᠬᠠᠳᠠᠭᠠᠯᠠᠵᠦ᠂ | ᠤᠯᠠᠮᠵᠢᠯᠠᠨ ᠬᠦᠭᠵᠢᠬᠦᠯᠬᠦ ᠳᠠᠯ᠎ᠠ ᠪᠠᠷ ᠵᠦᠢ ᠵᠤᠬᠢᠰᠳᠠᠢ ᠠᠷᠭ᠎ᠠ ᠬᠡᠮᠵᠢᠶ᠎ᠠ ᠠᠪᠴᠦ ᠬᠢᠯᠠᠯᠵᠠᠮ᠎ᠠ ᠠᠮᠵᠢᠯᠳᠠ ᠤᠯᠵᠠᠢ᠃ | ᠤᠳᠤᠬᠠᠨ ᠳᠤ ᠠᠰᠤᠷᠤ ᠨᠢ ᠴᠤᠷ ᠤᠨ ᠭᠠᠭᠴᠠ ᠮᠠᠨ ᠤ ᠬᠤᠰᠢᠭᠤᠨ ᠤ ᠤᠯᠤᠰ ᠤᠨ ᠳᠡᠰ ᠤᠨ ᠪᠤᠳᠠᠰ ᠤᠨ ᠪᠤᠰᠤ | ᠰᠤᠶᠤᠯ ᠤᠨ ᠦᠪ ᠤᠨ ᠨᠡᠷᠡᠰ ᠲᠤ ᠵᠢᠠᠰᠠᠭᠠᠭᠳᠠᠭᠰᠠᠨ ᠳᠦᠷᠦᠯ ᠵᠦᠢᠯ ᠪᠤᠯᠵᠦ᠂ ︽ᠬᠤᠪᠢᠰ︾ ᠵᠡᠷᠬᠡ 14 | ᠳᠦᠷᠦᠯ ᠨᠢ ᠦᠪᠡᠷᠳᠡᠬᠡᠨ ᠵᠠᠰᠠᠬᠤ ᠤᠷᠤᠨ ᠤ ᠳᠡᠰ ᠤᠨ ᠪᠤᠳᠠᠰ ᠤᠨ ᠪᠤᠰᠤ ᠰᠤᠶᠤᠯ ᠤᠨ ᠦᠪ ᠲᠤ | ᠵᠢᠭᠰᠠᠭᠠᠭᠳᠠᠵᠤ᠂ ︽ᠴᠠᠮ ᠪᠦᠵᠢᠭ︾ ᠵᠡᠷᠬᠡ 14 ᠳᠦᠦᠷᠯ ᠵᠦᠢᠯ ᠨᠢ ᠠᠶᠢᠮᠠᠭ ᠤᠨ ᠳᠡᠰ ᠤᠨ ᠪᠤᠳᠠᠰ ᠤᠨ ᠪᠤᠰᠤ | ᠰᠤᠶᠤᠯ ᠤᠨ ᠦᠪ ᠲᠤ ᠵᠢᠭᠰᠠᠭᠠᠭᠳᠠᠵᠤ᠂ ︽ᠴᠠᠭᠠᠨ ᠢᠳᠡᠬᠡᠨ ᠤ ᠰᠤᠶᠤᠯ︾ ᠵᠡᠷᠬᠡ 37 ᠳᠦᠷᠦᠯ ᠨᠢ | ᠬᠤᠰᠢᠭᠤᠨ ᠳᠡᠰ ᠤᠨ ᠪᠤᠳᠠᠰ ᠤᠨ ᠪᠤᠰᠤ ᠰᠤᠶᠤᠯ ᠤᠨ ᠦᠪ ᠲᠤ ᠪᠦᠷᠢᠳᠬᠡᠬᠦᠯᠵᠦ ᠮᠠᠰᠢ ᠤᠯᠠᠨ ᠦᠪᠯᠡᠨ | ᠤᠯᠠᠮᠵᠢᠯᠠᠭᠴᠢ ᠶᠢ ᠬᠦᠮᠦᠵᠢᠬᠦᠯᠵᠦ᠂ ᠪᠦᠬᠦ ᠠᠷᠠᠳ ᠢᠶᠠᠷ ᠢᠶᠠᠨ ᠤᠷᠤᠨ ᠨᠤᠲᠤᠭ ᠤᠨ ᠢᠶᠠᠨ ᠰᠤᠶᠤᠯ ᠢᠶᠠᠨ | ᠤᠶᠢᠯᠠᠭᠠᠵᠦ᠂ ᠤᠯᠠᠮᠵᠢᠯᠠᠨ ᠬᠦᠭᠵᠢᠬᠦᠯᠵᠦ᠂ ᠦᠪᠯᠡᠨ ᠵᠠᠯᠭᠠᠮᠵᠢᠯᠠᠬᠤ ᠤᠬᠠᠮᠰᠠᠷ ᠢ ᠪᠤᠢ ᠪᠤᠯᠭᠠᠬᠤ ᠶᠢᠨ ᠡᠬᠦᠳᠡᠨ | ᠠᠴᠠ ᠶᠠᠰᠤᠨ ᠰᠡᠶᠢᠯᠤᠮᠡᠯ ᠵᠡᠷᠬᠡ ᠪᠤᠳᠠᠰ ᠤᠨ ᠪᠤᠰᠤ ᠰᠤᠶᠤᠯ ᠤᠨ ᠦᠪ ᠢ ᠰᠤᠷᠭᠠᠭᠤᠯᠢ ᠶᠢᠨ ᠬᠦᠷᠢᠶ᠎ᠡ᠂ ᠨᠡᠶᠢᠬᠡᠮ | ᠲᠤᠭᠤᠷᠢᠭ ᠲᠤ ᠳᠡᠯᠬᠡᠨ ᠦᠵᠡᠬᠦᠯᠬᠦ ᠠᠯᠢ ᠤᠯᠠᠨ ᠠᠵᠢᠯᠯᠠᠭ᠎ᠠ ᠦᠷᠨᠢᠬᠦᠯᠵᠠᠢ᠃ ᠠᠷᠪᠠᠨ ᠭᠤᠷᠪᠠᠳᠤᠭᠠᠷ ᠲᠠᠪᠤᠨ ᠵᠢᠯ | ᠤᠨ ᠬᠤᠭᠤᠴᠠᠭᠠᠨ ᠳᠤ ᠪᠦᠬᠦ ᠠᠷᠠᠳ ᠤᠨ ᠪᠡᠶ᠎ᠡ ᠴᠢᠬᠢᠷᠠᠭᠵᠢᠯ ᠤᠨ ᠦᠢᠯᠡᠰ ᠴᠤ ᠬᠢᠯᠠᠯᠵᠠᠮ᠎ᠠ ᠠᠮᠵᠢᠯᠳᠠ ᠤᠯᠵᠦ᠂ | ᠮᠠᠨ ᠤ ᠬᠤᠰᠢᠭᠤ ᠨᠢ ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ 11 ᠳ᠋ᠤᠭᠠᠷ ᠬᠤᠭᠤᠴᠠᠭᠠᠨ ᠤ | ᠴᠦᠬᠡᠨ ᠳᠤᠭᠠᠳᠤ ᠦᠨᠳᠦᠰᠦᠳᠡᠨ ᠤ ᠤᠯᠠᠮᠵᠢᠯᠠᠯᠳᠤ ᠪᠡᠶ᠎ᠡ ᠲᠠᠮᠢᠷ ᠤᠨ ᠴᠤᠭᠯᠠᠭᠠᠨ ᠳᠤ ᠤᠷᠤᠯᠴᠠᠵᠦ᠂ ᠠᠪᠤᠷᠭᠤ | ᠶᠢᠨ ᠢᠨᠳᠡᠷ ᠪᠦᠬᠡ ᠶᠢᠨ ᠴᠤᠭᠯᠠᠭᠠᠨ ᠵᠡᠷᠬᠡ ᠶᠡᠭᠡ ᠪᠠᠭ᠎ᠠ ᠬᠡᠮᠵᠢᠶᠡᠨ ᠤ ᠨᠠᠭᠠᠳᠤᠮ ᠢ ᠠᠮᠵᠢᠯᠳᠠ ᠲᠠᠢ ᠪᠠᠷ ᠵᠤᠬᠢᠶᠠᠨ | ᠪᠠᠶᠢᠭᠤᠯᠤᠭᠰᠠᠨ ᠪᠠᠶᠢᠨ᠎ᠠ᠃ | ᠰᠤᠶᠤᠯ ᠲᠠᠮᠢᠷ ᠷᠠᠳᠢᠤ᠋ ᠲᠧᠯᠸᠢᠰ ᠳᠤᠪᠴᠢᠶᠠᠨ ᠤ ᠳᠠᠷᠤᠭ᠎ᠠ ᠬᠤᠤᠰᠪᠠᠶᠠᠷ ᠶᠠᠷᠢᠬᠤ ᠳᠤ ᠪᠠᠨ ︽ᠮᠠᠨ ᠤ | ᠬᠤᠰᠢᠭᠤᠨ ᠤ ᠲᠠᠮᠢᠷ ᠤᠨ ᠦᠢᠯᠡᠰ ᠤᠶᠢᠷ᠎ᠠ ᠶᠢᠨ ᠵᠢᠯ ᠳᠤ ᠤᠨᠴᠠᠭᠠᠢ ᠠᠮᠵᠢᠯᠳᠠ ᠤᠯᠤᠭᠰᠠᠨ ᠪᠠᠶᠢᠨ᠎ᠠ︔ | ᠴᠢᠯᠦᠬᠡᠳᠦ ᠨᠢᠳᠤᠷᠭ᠎ᠠ ᠶᠢᠨ ᠪᠤᠤᠺᠰᠴᠢᠨ ᠠᠯᠳᠠᠨᠬᠢᠯᠢ᠂ ᠳᠡᠬᠦᠯᠢᠯ ᠵᠡᠷᠬᠡ ᠵᠠᠯᠠᠭᠤ ᠳᠡᠯᠡᠬᠡᠢ ᠶᠢᠨ ᠬᠡᠮᠵᠢᠶᠡᠨ ᠤ ᠳᠡᠬᠡᠬᠦᠷ | ᠵᠢᠨᠳᠠᠭᠠᠨ ᠳᠤ ᠶᠠᠪᠤᠵᠦ᠂ ᠵᠢᠤᠳᠤᠤ ᠶᠢᠨ ᠲᠠᠮᠢᠷᠴᠢᠨ ᠨᠠᠶᠢᠷᠠᠭᠴᠢ᠂ ᠴᠢᠨᠳᠠᠭ᠎ᠠ᠂ ᠨᠡᠩ ᠢᠯᠠᠩᠭᠤᠶ᠎ᠠ ᠴᠢᠨᠳᠠᠭ᠎ᠠ | ᠡᠸ᠋ᠷᠦ᠋ᠫᠠ ᠤᠨ ᠳᠡᠷᠢᠬᠦᠨ᠂ ᠠᠽᠢᠶ᠎ᠠ ᠶᠢᠨ ᠭᠤᠷᠪᠠ ᠳᠤ ᠤᠷᠤᠵᠦ᠂ ᠪᠤᠤᠺᠰ ᠤᠨ ᠲᠠᠮᠢᠷᠴᠢᠨ ᠮᠧᠲ᠋ᠠᠯ ᠤᠯᠤᠰ ᠤᠨ | ᠳᠡᠰ ᠤᠨ ᠤᠷᠤᠯᠳᠤᠭᠠᠨ ᠳᠤ ᠤᠷᠤᠯᠴᠠᠭᠠᠳ ᠳᠡᠬᠡᠳᠦ ᠲᠠᠪᠤ ᠳᠤ ᠤᠷᠤᠵᠠᠢ᠃ ᠮᠤᠩᠭᠤᠯ ᠪᠦᠬᠡ ᠶᠢᠨ ᠳᠠᠯ᠎ᠠ ᠪᠠᠷ | ᠨᠠᠷᠬᠢᠶ᠎ᠠ ᠵᠡᠷᠬᠡ ᠰᠢᠯᠢᠳᠡᠭ ᠵᠠᠯᠠᠭᠤ ᠴᠤᠯᠭᠤᠷᠠᠨ ᠭᠠᠷᠴᠤ᠂ ᠮᠤᠩᠭᠤᠯ ᠪᠦᠬᠡ ᠶᠢᠨ ᠦᠢᠯᠡᠰ ᠲᠤ ᠪᠠᠨ ᠬᠦᠴᠦᠨ | ᠨᠡᠮᠡᠷᠢᠯᠡᠪᠡ᠃ ᠨᠤᠮᠤ ᠰᠤᠮᠤ᠂ ᠤᠷᠤᠯᠳᠤᠭᠠᠨ ᠮᠤᠷᠢ᠂ ᠬᠦᠯ ᠪᠦᠮᠪᠦᠬᠡᠨ ᠵᠡᠷᠬᠡ ᠰᠠᠭᠤᠷᠢ ᠲᠠᠮᠢᠷ ᠤᠨ ᠬᠦᠳᠡᠯᠬᠡᠬᠡᠨ | ᠤᠨᠴᠠᠭᠠᠢ ᠰᠠᠶᠢᠨ ᠦᠷ᠎ᠡ ᠪᠦᠳᠦᠮᠵᠢ ᠤᠯᠤᠭᠰᠠᠨ ᠪᠠᠶᠢᠨ᠎ᠠ︾ ᠬᠡᠵᠠᠢ᠃ | ᠪᠦᠬᠦ ᠠᠷᠠᠳ ᠢᠶᠠᠷ ᠢᠶᠠᠨ ᠨᠤᠮ ᠤᠩᠰᠢᠬᠤ ᠶᠢ ᠲᠠᠶᠢᠴᠢᠯᠠᠵᠦ᠂ ᠢᠯᠠᠩᠭᠤᠶ᠎ᠠ ᠬᠡᠦᠬᠡᠳ ᠪᠠᠭᠠᠴᠤᠳ ᠢᠶᠠᠨ | ᠨᠤᠮ ᠤᠨ ᠬᠤᠷ᠎ᠠ ᠪᠠᠷ ᠤᠮᠳᠠᠯᠠᠵᠦ᠂ ᠨᠤᠮ ᠪᠢᠴᠢᠭ ᠤᠩᠰᠢᠬᠤ ᠰᠠᠶᠢᠨ ᠰᠠᠶᠢᠬᠠᠨ ᠤᠷᠴᠢᠨ ᠢ ᠪᠤᠢ ᠪᠤᠯᠭᠠᠬᠤ | ᠵᠤᠷᠢᠯᠭ᠎ᠠ ᠪᠠᠷ ᠮᠠᠨ ᠤ ᠬᠤᠰᠢᠭᠤ ᠨᠢ 2020 ᠤᠨ ᠤ 5 ᠰᠠᠷ᠎ᠠ ᠠᠴᠠ ᠡᠬᠢᠯᠡᠵᠦ 58 ᠳᠦᠮᠡᠨ ᠳᠦᠬᠦᠷᠢᠭ | ᠵᠠᠷᠤᠴᠠᠭᠤᠯᠵᠦ 350 ᠬᠠᠪᠳᠠᠭᠠᠢ ᠳᠦᠷᠪᠡᠯᠵᠢᠨ ᠳᠠᠯᠠᠪᠠᠢ ᠪᠦᠬᠦᠢ ᠪᠠᠭᠠᠴᠤᠳ ᠤᠨ ᠨᠤᠮ ᠤᠨ ᠰᠠᠩ ᠢ ᠪᠠᠶᠢᠭᠤᠯᠵᠦ᠂ | ᠡᠨᠡ ᠵᠢᠯ ᠤᠨ 1 ᠰᠠᠷ᠎ᠠ ᠳᠤ ᠠᠰᠢᠭᠯᠠᠯᠳᠠ ᠳᠤ ᠤᠷᠤᠭᠰᠠᠨ ᠪᠠᠶᠢᠨ᠎ᠠ᠃ ᠪᠠᠭᠠᠴᠤᠳ ᠤᠨ ᠨᠤᠮ ᠤᠨ ᠰᠠᠩ ᠨᠢ | ᠪᠠᠭᠠᠴᠤᠳ ᠲᠤ ᠳᠣᠬᠢᠷᠠᠬᠤ ᠡᠯ᠎ᠡ ᠲᠥᠷᠦᠯ ᠤᠨ ᠰᠤᠩᠭᠤᠳᠠᠭ ᠨᠣᠮ ᠪᠢᠴᠢᠭ ᠢᠶᠠᠷ ᠭᠤᠤᠯᠯᠠᠵᠤ᠂ ᠬᠡᠷᠡᠮ ᠤᠨ | ᠵᠢᠷᠤᠭ ᠤᠨ ᠲᠡᠭᠦᠪᠦᠷᠢ ᠳᠤ ᠮᠠᠨ ᠤ ᠬᠤᠰᠢᠭᠤ ᠪᠠᠷ ᠨᠤᠲᠤᠭ ᠲᠠᠢ ᠤᠯᠤᠰ ᠤᠨ ᠲᠣᠲᠤᠭᠠᠳᠤ ᠭᠠᠳᠠᠭᠠᠳᠤ ᠳᠤ | ᠠᠵᠢᠯᠯᠠᠵᠤ ᠰᠤᠷᠤᠯᠴᠠᠵᠤ ᠪᠠᠶᠢᠭ᠎ᠠ ᠲᠥᠯᠦᠭᠡᠯᠡᠭᠴᠢ ᠬᠥᠮᠥᠰ ᠪᠠ ᠨᠡᠶᠢᠭᠡᠮ ᠤᠨ ᠡᠯ᠎ᠡ ᠠᠵᠢᠯ ᠤᠨ ᠹᠷᠣᠨᠲ ᠲᠠᠬᠢ | ᠵᠢᠱᠢᠶ᠎ᠡ ᠳᠠᠭᠤᠷᠢᠶᠠᠯ ᠪᠣᠯᠬᠤ ᠨᠤᠲᠤᠭ ᠤᠨ ᠨᠡᠷᠡᠲᠦ ᠬᠥᠮᠥᠰ ᠢ ᠲᠠᠨᠢᠯᠴᠠᠭᠤᠯᠵᠤ᠂ ᠬᠤᠶᠠᠳᠤᠭᠠᠷ ᠳᠠᠪᠬᠤᠷᠭ᠎ᠠ ᠳᠤ | ᠵᠠᠩ ᠦᠢᠯᠡ ᠵᠢᠴᠢ ︽ᠪᠣᠳᠠᠰ ᠤᠨ ᠪᠣᠰᠤ ᠰᠤᠶᠤᠯ ᠤᠨ ᠥᠪ︾ ᠢ ᠲᠠᠨᠢᠯᠴᠠᠭᠤᠯᠬᠤ ᠪᠠᠷ ᠭᠤᠣᠯᠳᠠᠭᠤᠯᠵᠤ᠂ | ᠲᠤᠬᠠᠢ ᠶᠢᠨ ᠲᠠᠯᠠᠪᠤᠷ ᠲᠤ ᠬᠢᠴᠢᠶᠡᠯ ᠲᠠᠶᠢᠯᠤᠮᠵᠢ ᠬᠢᠬᠦ ᠨᠥᠬᠦᠴᠡᠯ ᠢ ᠪᠥᠷᠢᠯᠳᠦᠭᠦᠯᠦᠭᠰᠡᠨ ᠪᠠᠶᠢᠨ᠎ᠠ᠃ | ᠬᠤᠰᠢᠭᠤ ᠨᠤᠮ ᠤᠨ ᠰᠠᠩ ᠤᠨ ᠳᠠᠷᠤᠭ᠎ᠠ ᠪᠦᠷᠢᠩᠭᠤᠸ᠎ᠠ ᠰᠤᠷᠪᠤᠯᠵᠢᠯᠠᠭ᠎ᠠ ᠬᠦᠯᠢᠶᠡᠬᠦ ᠳᠤ ᠪᠠᠨ ︽ᠮᠠᠨ ᠤ | ᠪᠠᠭᠠᠴᠤᠳ ᠤᠨ ᠨᠤᠮ ᠤᠨ ᠰᠠᠩ ᠨᠢ ᠠᠰᠢᠭᠯᠠᠯᠳᠠ ᠳᠤ ᠤᠷᠤᠭᠰᠠᠨ ᠠᠴᠠ ᠪᠠᠨ ᠠᠪᠤᠭᠠᠳ ᠦᠷᠬᠡᠨ ᠤᠯᠠᠨ | ᠤᠩᠰᠢᠭᠴᠢᠳ ᠤᠨ ᠬᠠᠯᠠᠭᠤᠨ ᠬᠦᠷᠢᠶᠡᠯᠡᠯ ᠢ ᠤᠯᠵᠦ᠂ ᠭᠠᠷᠠᠭ ᠤᠨ ᠵᠢᠷᠭᠤᠭᠠᠨ ᠭᠠᠷᠠᠭ ᠤᠨ ᠡᠳᠦᠷ ᠪᠤᠶᠤ | ᠠᠮᠠᠷᠠᠯᠳᠠ ᠶᠢᠨ ᠡᠳᠦᠷ ᠢᠶᠠᠷ ᠮᠠᠨ ᠤ ᠪᠠᠭᠠᠴᠤᠳ ᠤᠨ ᠨᠤᠮ ᠤᠨ ᠰᠠᠩ ᠳᠤ ᠢᠷᠡᠬᠡᠳ ᠨᠤᠮ ᠤᠩᠰᠢᠬᠤ ᠬᠡᠦᠬᠡᠳ | ᠤᠳ ᠮᠠᠰᠢ ᠠᠷᠪᠢᠨ ᠪᠠᠶᠢᠨ᠎ᠠ᠃ ᠤᠯᠠᠩᠬᠢ ᠰᠤᠷᠤᠭᠴᠢ᠂ ᠬᠡᠦᠬᠡᠳ ᠤᠳ ᠮᠠᠨ ᠤ ᠨᠤᠮ ᠤᠨ ᠰᠠᠩ ᠤᠨ ᠵᠢᠷᠤᠭᠳᠤ | ᠳᠡᠪᠳᠡᠷ᠂ ᠤᠳᠬ᠎ᠠ ᠵᠤᠬᠢᠶᠠᠯ ᠤᠨ ᠨᠤᠮ ᠤᠳ ᠢ ᠪᠠᠭ᠋ᠠᠷᠬᠠᠨ ᠤᠩᠰᠢᠬᠤ ᠳᠤᠷᠠᠳᠠᠢ᠃ ᠮᠠᠨ ᠤ ᠨᠤᠮ ᠤᠨ ᠰᠠᠩ ᠨᠢ | ᠰᠤᠷᠭᠠᠭᠤᠯᠢ ᠶᠢᠨ ᠬᠦᠷᠢᠶᠡᠨ ᠳᠤ ᠤᠴᠢᠵᠦ ᠨᠡᠬᠦᠳᠡᠯ ᠨᠤᠮ ᠤᠨ ᠪᠤᠭᠴᠤ ᠳᠠᠷᠬᠠᠭᠠᠬᠤ ᠠᠵᠢᠯᠯᠠᠭ᠎ᠠ ᠪᠠᠷ | ᠳᠠᠮᠵᠢᠭᠤᠯᠵᠦ᠂ ᠮᠠᠨ ᠤ ᠨᠤᠮ ᠤᠨ ᠰᠠᠩ ᠤᠨ ᠢᠶᠠᠨ ᠵᠢᠷᠤᠭᠳᠤ ᠨᠤᠮ ᠪᠤᠶᠤ ᠪᠠᠭ᠎ᠠ ᠰᠤᠷᠭᠠᠭᠤᠯᠢ ᠶᠢᠨ ᠰᠤᠷᠤᠭᠴᠢᠳ | ᠲᠤ ᠵᠤᠷᠢᠭᠤᠯᠤᠭᠰᠠᠨ ᠤᠳᠬ᠎ᠠ ᠵᠤᠬᠢᠶᠠᠯ ᠤᠨ ᠨᠤᠮ ᠢ ᠨᠡᠬᠦᠳᠡᠯ ᠮᠠᠶ᠋ᠢᠭ ᠢᠶᠠᠷ ᠳᠠᠮᠵᠢᠭᠤᠯᠤᠨ ᠤᠩᠰᠢᠭᠤᠯᠵᠦ ᠪᠠᠶᠢᠬᠤ | ᠶᠤᠮ᠃ ᠲᠠᠷᠠᠭᠠᠴᠢ ᠶᠢᠨ ᠠᠯᠬᠤᠮ ᠳᠤ ᠮᠠᠨ ᠤ ᠪᠠᠭᠠᠴᠤᠳ ᠤᠨ ᠨᠤᠮ ᠤᠨ ᠰᠠᠩ ᠨᠢ ᠨᠤᠮ ᠤᠩᠰᠢᠬᠤ ᠺᠠᠷᠲ | ᠳᠠᠷᠬᠠᠭᠠᠬᠤ ᠬᠡᠯᠪᠡᠷᠢ ᠪᠠᠷ ᠳᠠᠮᠵᠢᠭᠤᠯᠵᠦ ᠦᠷᠬᠡᠨ ᠤᠯᠠᠨ ᠤᠩᠰᠢᠭᠴᠢᠳ ᠢᠶᠠᠨ ᠮᠠᠨ ᠤ ᠨᠤᠮ ᠤᠨ ᠰᠠᠩ ᠳᠤ | ᠢᠯᠡᠬᠦᠬᠡᠨ ᠢᠷᠡᠵᠦ ᠨᠤᠮ ᠤᠩᠰᠢᠬᠤ ᠶᠢ ᠤᠬᠠᠭᠤᠯᠤᠨ ᠵᠤᠷᠢᠭᠵᠢᠭᠤᠯᠬᠤ ᠪᠤᠯᠤᠨ᠎ᠠ︾ ᠬᠡᠵᠡᠢ᠃ | ᠠᠷᠪᠠᠨ ᠭᠤᠷᠪᠠᠳᠤᠭᠠᠷ ᠳᠠᠪᠤᠨ ᠵᠢᠯ ᠳᠤ ᠮᠠᠨ ᠤ ᠬᠤᠰᠢᠭᠤ ᠨᠢ ᠤᠯᠠᠨ ᠳᠦᠮᠡᠨ ᠤ ᠰᠤᠶᠤᠯ ᠳᠠᠮᠢᠷ ᠤᠨ | ᠠᠵᠢᠯᠯᠠᠭ᠎ᠠ ᠶᠢ ᠬᠦᠨᠵᠡᠬᠡᠶᠢᠷᠡᠬᠦᠯᠵᠦ᠂ ᠠᠷᠠᠳ ᠤᠯᠠᠨ ᠤ ᠤᠶᠤᠨ ᠰᠠᠨᠠᠭᠠᠨ ᠤ ᠠᠮᠢᠳᠤᠷᠠᠯ ᠢ ᠪᠠᠶᠠᠯᠢᠭᠵᠢᠭᠤᠯᠬᠤ | ᠡᠬᠦᠳᠡᠨ ᠠᠴᠠ ᠴᠠᠬᠠᠷ ᠬᠤᠨᠳᠠᠭᠠᠳᠤ ᠮᠤᠩᠭᠤᠯ ᠰᠢᠯᠤᠭ᠌ ᠳᠠᠭᠤᠤ ᠶᠢᠨ ᠤᠷᠤᠯᠳᠤᠭᠠᠨ᠂ ᠨᠠᠢᠮᠠᠨ ᠮᠤᠵᠢ ᠤᠷᠤᠨ ᠤ | ᠴᠠᠬᠠᠷ ᠬᠤᠪᠴᠠᠰᠤ ᠵᠠᠰᠠᠯ ᠤᠨ ᠦᠵᠡᠬᠦᠯᠦᠯᠬᠡ ᠶᠢᠨ ᠤᠷᠤᠯᠳᠤᠭᠠᠨ᠂ ᠨᠠᠢᠮᠠᠨ ᠮᠤᠵᠢ ᠤᠷᠤᠨ ᠤ ᠰᠢᠳᠠᠷ᠎ᠠ ᠶᠢᠨ | ᠤᠷᠤᠯᠳᠤᠭᠠᠨ᠂ ︽ᠳᠦᠮᠡᠨ ᠭᠠᠵᠠᠷ ᠤᠨ ᠴᠠᠢ ᠶᠢᠨ ᠵᠠᠮ᠂ ᠬᠠᠭᠠᠯᠭ᠎ᠠ ᠬᠦᠷᠢᠶ᠎ᠡ ᠶᠢᠨ ᠶᠡᠭᠡ ᠵᠠᠮ︾ ᠤᠨ ᠠᠵᠢᠯᠯᠠᠭ᠎ᠠ | ᠂ ︽ᠬᠠᠪᠤᠷ ᠤᠨ ᠤᠯᠠᠷᠢᠯ ᠤᠨ ᠶᠠᠪᠠᠭᠠᠨ ᠬᠦᠳᠡᠯᠬᠡᠬᠡᠨ ᠤ ᠪᠡᠶ᠎ᠡ ᠴᠢᠬᠢᠷᠠᠭᠵᠢᠯ ᠤᠨ ᠨᠠᠶᠢᠷ︾ ᠵᠡᠷᠬᠡ ᠤᠯᠠᠨ ᠤᠳᠠᠭᠠᠨ | ᠤ ᠤᠯᠠᠨ ᠳᠦᠮᠡᠨᠴᠢ ᠰᠤᠶᠤᠯ ᠤᠷᠠᠯᠢᠭ ᠤᠨ ᠤᠷᠤᠯᠳᠤᠭᠠᠨ ᠢ ᠠᠮᠵᠢᠯᠳᠠ ᠲᠠᠢ ᠪᠠᠷ ᠵᠤᠬᠢᠶᠠᠨ ᠪᠠᠶᠢᠭᠤᠯᠵᠦ ︽ | ᠳᠤᠷᠭᠠᠨ ᠨᠤᠲᠤᠭ ᠬᠦᠪᠡᠬᠡᠳᠦ ᠰᠢᠷ᠎ᠠ᠂ ᠳᠤᠮᠳᠠᠳᠤ ᠤᠯᠤᠰ ᠤᠨ ᠠᠰᠤᠷᠤ ᠠᠶᠠᠯᠭᠤ ᠶᠢᠨ ᠨᠤᠲᠤᠭ︾ ᠰᠤᠶᠤᠯ | ᠵᠢᠭᠤᠯᠴᠢᠯᠠᠯ ᠤᠨ ᠨᠡᠷᠡᠳᠦ ᠳᠡᠮᠳᠡᠭ ᠢ ᠡᠬᠦᠳᠬᠦ ᠪᠠᠷ ᠴᠢᠷᠮᠠᠶᠢᠨ ᠠᠵᠢᠯᠯᠠᠵᠤ᠂ ᠬᠤᠰᠢᠭᠤ ᠨᠤᠲᠤᠭ ᠤᠨ ᠢᠶᠠᠨ ᠨᠡᠷ᠎ᠡ | ᠠᠯᠳᠠᠷᠰᠢᠯ ᠢ ᠨᠡᠮᠡᠭᠳᠡᠬᠦᠯᠵᠤ ᠪᠠᠶᠢᠨ᠎ᠠ᠃ | ᠠᠷᠪᠠᠨ ᠳᠦᠷᠪᠡᠳᠦᠭᠡᠷ ᠳᠠᠪᠤᠨ ᠵᠢᠯ ᠳᠤ᠂ ᠮᠠᠨ ᠤ ᠬᠤᠰᠢᠭᠤ ᠨᠢ ᠵᠢᠭᠤᠯᠴᠢᠯᠠᠯ ᠤᠨ ᠦᠢᠯᠡᠰ ᠢᠶᠠᠷ | ᠭᠤᠤᠯ ᠪᠤᠯᠭᠠᠵᠦ᠂ ᠨᠢᠬᠡ ᠪᠦᠰᠡ ᠨᠢᠬᠡ ᠵᠠᠮ᠂ ᠳᠦᠮᠡᠨ ᠭᠠᠵᠠᠷ ᠤᠨ ᠴᠠᠢ ᠶᠢᠨ ᠵᠠᠮ᠂ ᠬᠠᠭᠠᠯᠭ᠎ᠠ ᠬᠦᠷᠢᠶ᠎ᠡ ᠶᠢᠨ | ᠵᠠᠮ᠂ ᠤᠯᠠᠭᠠᠨ ᠦᠷᠳᠡᠭᠡ᠂ ᠬᠤᠪᠢᠰᠬᠠᠯ ᠤᠨ ᠵᠠᠮ ᠳᠠᠭᠠᠣ ᠳᠠᠬᠢ ᠰᠤᠶᠤᠯ ᠳᠡᠦᠬᠡ ᠶᠢᠨ ᠡᠬᠢ ᠰᠤᠷᠪᠤᠯᠵᠢ ᠶᠢ | ᠠᠭᠤᠳᠠᠯᠯᠠᠨ ᠠᠰᠢᠭᠯᠠᠵᠦ᠂ ᠡᠨᠡᠬᠦ ᠵᠠᠮ ᠱᠤᠭᠤᠮ ᠢᠶᠠᠷ ᠮᠠᠨ ᠤ ᠬᠤᠰᠢᠭᠤᠨ ᠤ ᠪᠠᠨ ᠵᠢᠭᠤᠯᠴᠢᠯᠠᠯ ᠤᠨ ᠦᠢᠯᠡᠰ ᠢ | ᠠᠬᠢᠭᠤᠯᠵᠦ᠂ ᠵᠢᠭᠤᠯᠴᠢᠯᠠᠯ ᠤᠨ ᠦᠢᠯᠡᠰ ᠢᠶᠠᠷ ᠢᠶᠠᠨ ᠳᠠᠮᠵᠢᠭᠤᠯᠵᠦ ᠮᠠᠨ ᠤ ᠬᠤᠰᠢᠭᠤᠨ ᠤ ᠪᠠᠨ ᠤᠯᠠᠭᠠᠨ ᠢᠳᠡᠭᠡ | ᠂ ᠴᠠᠭᠠᠨ ᠢᠳᠡᠭᠡ᠂ ᠤᠨᠴᠠᠯᠢᠭᠳᠤ ᠤᠷᠤᠨ ᠨᠤᠲᠤᠭ ᠤᠨ ᠢᠶᠠᠨ ᠰᠤᠶᠤᠯ ᠢ ᠤᠬᠠᠭᠤᠯᠵᠦ᠂ ᠬᠦᠪᠡᠬᠡᠳᠦ ᠰᠢᠷ᠎ᠠ ᠶᠢᠨ | ᠢᠶᠠᠨ ᠳᠡᠦᠬᠡ ᠰᠤᠶᠤᠯ ᠢ ᠨᠡᠩ ᠤᠯᠠᠨ ᠬᠦᠮᠦᠰ ᠲᠤ ᠤᠬᠠᠭᠤᠯᠤᠨ ᠲᠠᠨᠢᠭᠤᠯᠬᠤ ᠪᠠᠷ ᠦᠷᠬᠦᠯᠵᠢᠯᠡᠨ ᠮᠡᠷᠡᠶᠢᠨ | ᠴᠢᠷᠮᠠᠶᠢᠵᠤ ᠪᠤᠢ᠃ |