ᠪᠤᠭᠳᠠ ᠶᠢᠨ ᠭᠤᠤᠯ ᠰᠤᠮᠤᠨ ᠤ ᠬᠤᠨᠢᠴᠢᠨ ᠬᠠᠰᠢᠶᠠᠳᠤ ᠭᠠᠴᠠᠭᠠᠨ ᠤ ᠳᠡᠭᠦᠰᠵᠢᠷᠭᠠᠯ᠂ ᠭᠡᠷᠡᠯ᠎ᠡ ᠬᠤᠶᠠᠷ ᠪᠤᠯ | 2009 ᠤᠨ ᠳᠤ ᠬᠤᠳᠠ ᠤᠷᠤᠵᠦ ᠤᠮᠪᠤᠯᠤ ᠪᠠᠨ ᠬᠠᠷᠠᠬᠤ ᠶᠢᠨ ᠵᠡᠷᠬᠡᠪᠡᠷ ᠡᠮᠡᠬᠡᠯ ᠬᠢᠬᠦ᠂ ᠴᠢᠳᠤᠷ ᠨᠤᠭᠳᠤ ᠮᠤᠰᠬᠢᠬᠤ | ᠵᠡᠷᠬᠡ ᠳᠤᠷ᠎ᠠ ᠪᠠᠬ᠎ᠠ ᠲᠠᠢ ᠵᠦᠢᠯ ᠢᠶᠠᠨ ᠬᠢᠵᠦ᠂ ᠦᠨᠳᠦᠰᠦᠳᠡᠨ ᠤ ᠦᠨᠡᠳᠤ ᠰᠤᠶᠤᠯ ᠢᠶᠠᠨ ᠤᠯᠠᠨ ᠳᠦᠮᠡᠨ ᠳᠤ ᠪᠠᠨ | ᠳᠠᠨᠢᠭᠤᠯᠵᠦ ᠶᠠᠪᠤᠭ᠎ᠠ ᠬᠦᠨᠳᠦᠳᠠᠢ ᠨᠠᠰᠤᠳᠠᠨ ᠪᠢᠯᠡ᠃ | ᠡᠳᠡᠨᠡᠶᠢᠬᠢᠨ ᠵᠠᠯᠠᠭᠤ ᠶᠢᠨ ᠦᠶ᠎ᠡ ᠠᠴᠠ ᠪᠠᠨ ᠡᠬᠢᠯᠡᠵᠦ ᠬᠦᠳᠡᠭᠡ ᠪᠠᠨ ᠳᠠᠪᠤᠨ ᠬᠤᠰᠢᠭᠤ ᠮᠠᠯ ᠢᠶᠠᠨ ᠮᠠᠯᠵᠢᠵᠦ᠂ | ᠮᠠᠯ ᠤᠨ ᠢᠶᠠᠨ ᠠᠰᠢᠭ ᠰᠢᠮ᠎ᠡ ᠶᠢ ᠵᠤᠬᠢᠰᠳᠠᠢ ᠰᠠᠶᠢᠬᠠᠨ ᠠᠰᠢᠭᠯᠠᠵᠦ᠂ ᠬᠤᠳᠠ ᠤᠰᠤᠨ ᠳᠤ ᠪᠠᠨ ᠳᠠᠭᠤᠷᠢᠶᠠᠯ ᠪᠤᠯᠤᠮᠠᠷ | ᠳᠠᠩᠰᠤᠭ ᠠᠮᠢᠳᠤᠷᠠᠯ ᠲᠠᠢ ᠠᠶᠢᠯ ᠶᠤᠮ᠃ 2003 ᠤᠨ ᠠᠴᠠ ᠡᠬᠢᠯᠡᠵᠦ ᠤᠯᠠᠨ ᠳᠠᠯ᠎ᠠ ᠶᠢᠨ ᠰᠢᠯᠳᠠᠭᠠᠨ ᠠᠴᠠ ᠪᠤᠯᠵᠦ | ᠳᠠᠪᠤᠨ ᠬᠤᠰᠢᠭᠤ ᠮᠠᠯ ᠢᠶᠠᠨ ᠴᠦᠬᠡᠴᠢᠯᠡᠵᠦ ᠢᠷᠡᠭᠰᠡᠨ ᠪᠤᠯᠪᠠᠴᠦ ᠠᠳᠤᠭᠤᠨ ᠳᠤ ᠬᠠᠶᠢᠷᠠᠳᠠᠢ ᠳᠡᠬᠦᠰᠵᠢᠷᠭᠠᠯ ᠭᠤᠸᠠᠢ | ᠠᠳᠤᠭᠤᠨ ᠤ ᠰᠤᠷ ᠡᠳ᠋ᠯᠡᠯ ᠬᠢᠬᠦ ᠪᠠᠨ ᠤᠳᠤ ᠳᠤ ᠪᠤᠯᠳᠠᠯ᠎ᠠ ᠪᠠᠷᠢᠮᠳᠠᠯᠠᠭᠰᠠᠭᠠᠷ ᠡ︕ ᠳᠡᠷᠡ 30 ᠨᠠᠰᠤᠨ ᠠᠴᠠ ᠪᠠᠨ | ᠡᠬᠢᠯᠡᠵᠦ ᠰᠤᠷ ᠢᠳᠡᠬᠡᠯᠡᠬᠦ᠂ ᠨᠤᠭᠳᠤ ᠬᠠᠵᠠᠭᠠᠷ ᠬᠢᠬᠦ᠂ ᠡᠮᠡᠬᠡᠯ ᠰᠤᠷᠯᠠᠬᠤ ᠵᠡᠷᠬᠡ ᠮᠠᠯᠴᠢᠨ ᠬᠦᠮᠦᠨ ᠤ ᠤᠷ᠎ᠠ ᠤᠬᠠᠭᠠᠨ ᠢ | ᠭᠠᠶᠢᠬᠠᠭᠤᠯᠤᠭᠰᠠᠨ ᠦᠢᠯᠡ ᠳᠤ ᠴᠠᠭᠠᠷᠠᠵᠦ ᠢᠷᠡᠵᠠᠢ︕ ᠵᠦᠬᠡᠷ ᠰᠠᠭᠤᠬᠤ ᠪᠠᠷ ᠵᠦᠯᠬᠦᠵᠦ ᠰᠠᠭᠤ ᠬᠡᠳᠡᠭ ᠢᠶᠠᠷ 2009 | ᠤᠨ ᠳᠤ ᠳᠡᠬᠦᠰᠵᠢᠷᠭᠠᠯ᠂ ᠬᠡᠷᠡᠯ᠎ᠡ ᠬᠤᠶᠠᠭᠤᠯᠠ ᠪᠠᠨ ᠬᠤᠰᠢᠭᠤ ᠤᠷᠤᠵᠦ ᠤᠮᠪᠤᠯᠤ ᠪᠠᠨ ᠬᠠᠷᠠᠵᠦ ᠰᠠᠭᠤᠬᠤ ᠶᠢᠨ | ᠵᠡᠷᠬᠡᠪᠡᠷ ᠤᠯᠠᠮᠵᠢᠯᠠᠯᠳᠤ ᠠᠷᠭ᠎ᠠ ᠪᠠᠷ ᠢᠶᠠᠨ ᠰᠤᠷ ᠡᠳ᠋ᠯᠡᠯ ᠬᠢᠵᠦ᠂ ᠵᠢᠯ ᠤᠨ ᠬᠡᠳᠦᠨ ᠳᠦᠮᠡᠨ ᠳᠦᠬᠦᠷᠢᠭ ᠤᠨ ᠤᠷᠤᠯᠭ᠎ᠠ | ᠤᠯᠵᠦ᠂ ᠰᠦᠨᠢᠳ ᠪᠠᠷᠠᠭᠤᠨ ᠬᠤᠰᠢᠭᠤ᠂ ᠠᠪᠠᠭ᠎ᠠ ᠬᠤᠰᠢᠭᠤ ᠵᠡᠷᠬᠡ ᠭᠠᠵᠠᠷ ᠤᠨ ᠠᠳᠤᠭᠤ ᠢᠳᠡᠭᠡ ᠳᠤ ᠳᠤᠷ᠎ᠠ ᠪᠠᠬ᠎ᠠ | ᠲᠠᠢ ᠬᠦᠮᠦᠰ ᠠᠴᠠ ᠤᠯᠠᠨ ᠠᠷᠪᠢᠨ ᠵᠠᠬᠢᠶᠠᠯᠠᠭ᠎ᠠ ᠳᠤᠰᠴᠦ ᠦᠪᠡᠷ ᠤᠨ ᠳᠤᠷ᠎ᠠ ᠰᠤᠨᠢᠷᠬᠠᠯ ᠲᠠᠢ ᠵᠦᠢᠯ ᠢᠶᠠᠨ ᠤᠷᠤᠯᠳᠤᠨ | ᠰᠠᠭᠤᠳᠠᠭ ᠢᠶᠠᠷ ᠢᠶᠠᠨ ᠠᠮᠢᠳᠤᠷᠠᠯ ᠳᠤ ᠪᠠᠨ ᠴᠠᠭ ᠢᠮᠠᠭᠳᠠ ᠪᠠᠶᠠᠷ ᠪᠠᠭ᠋ᠠᠳᠤᠯ ᠲᠠᠢ ᠰᠡᠳᠬᠢᠯ ᠳᠦᠬᠦᠷᠡᠩ ᠶᠠᠪᠤᠳᠠᠭ᠃ | ᠳᠡᠷᠡᠪᠡᠷ ᠦᠪᠡᠷ ᠤᠨ ᠭᠠᠷ ᠢᠶᠠᠷ ᠢᠶᠠᠨ ᠢᠳᠡᠬᠡᠯᠡᠭᠰᠡᠨ ᠰᠤᠷ ᠢᠶᠠᠷ ᠬᠢᠭᠰᠡᠨ ᠠᠳᠤᠭᠤᠨ ᠤ ᠡᠳ᠋ᠯᠡᠯ ᠬᠡᠷᠡᠭᠰᠡᠯ ᠢᠶᠠᠨ ᠬᠤᠯᠠ | ᠤᠶᠢᠷ᠎ᠠ ᠶᠢᠨ ᠬᠦᠮᠦᠰ ᠲᠤ ᠪᠠᠨ ᠳᠠᠨᠢᠭᠤᠯᠵᠦ᠂ ᠨᠡᠬᠦᠳᠡᠯ ᠮᠠᠯᠵᠢᠯ ᠤᠨ ᠦᠨᠡᠳᠦ ᠦᠪ᠂ ᠮᠠᠯᠵᠢᠬᠤ ᠰᠤᠶᠤᠯ ᠢᠶᠠᠨ | ᠤᠯᠠᠮᠵᠢᠯᠠᠵᠤ ᠶᠠᠪᠤᠨ᠎ᠠ᠃ | ᠤᠳᠤᠬᠢ ᠴᠠᠭ ᠤᠨ ᠤᠷᠤᠰᠬᠠᠯ ᠢ ᠳᠠᠭᠠᠯᠳᠤᠨ ᠬᠦᠮᠦᠰ ᠰᠢᠨ᠎ᠡ ᠬᠡᠷ ᠤᠨ ᠮᠢᠯᠢᠶᠠᠯᠳᠠ᠂ ᠬᠤᠷᠢᠮ ᠨᠠᠶᠢᠷ ᠵᠡᠷᠬᠡ | ᠶᠤᠰᠤᠯᠠᠯ ᠨᠠᠶᠢᠷ ᠤᠨ ᠠᠵᠢᠯᠯᠠᠭ᠎ᠠ ᠳᠤ ᠭᠠᠩᠭᠠᠩ ᠬᠢᠴᠠ ᠲᠠᠢ ᠡᠮᠡᠬᠡᠯ ᠬᠤᠳᠠᠯᠳᠤᠨ ᠠᠪᠬᠤ ᠨᠢ ᠤᠯᠠᠨ ᠪᠤᠯᠵᠦ᠂ ᠬᠢᠴᠡ | ᠮᠠᠶ᠋ᠢᠭ ᠨᠢ ᠦᠵᠡᠮᠦᠷᠢ ᠲᠠᠢ ᠰᠠᠶᠢᠬᠠᠨ ᠡᠮᠡᠬᠡᠯ ᠢ ᠮᠦᠩᠬᠦ ᠬᠠᠶᠢᠷᠠᠯᠠᠯ ᠦᠬᠡᠢ ᠬᠤᠳᠠᠯᠳᠤᠨ ᠠᠪᠬᠤ ᠪᠤᠯᠤᠭᠰᠠᠨ ᠨᠢ ᠭᠠᠷ | ᠤᠷᠠᠯᠠᠯ ᠳᠤ ᠪᠠᠭ᠋ᠠᠳᠠᠢ᠂ ᠡᠮᠡᠬᠡᠯ ᠬᠠᠵᠠᠭᠠᠷ ᠬᠢᠬᠦ ᠳᠤ ᠤᠷᠮᠠᠳᠠᠢ ᠬᠦᠮᠦᠰ ᠤᠨ ᠪᠤᠷᠤᠯᠠᠭᠤᠯᠭ᠎ᠠ ᠳᠤ ᠨᠢᠬᠡᠨ ᠳᠤᠬᠢᠶᠠᠯ | ᠬᠠᠩᠭᠠᠭᠰᠠᠨ ᠬᠡᠯᠳᠡᠢ᠃ ᠡᠳᠡᠬᠡᠷ ᠵᠢᠯ ᠤᠨ ᠳᠤᠷᠰᠢ ᠳᠡᠬᠦᠰᠵᠢᠷᠭᠠᠯ ᠭᠤᠸᠠᠢ ᠬᠦᠮᠦᠰ ᠤᠨ ᠵᠠᠬᠢᠶᠠᠯᠠᠭ᠎ᠠ ᠶᠤᠰᠤᠭᠠᠷ ᠬᠤᠷᠢᠮ | ᠨᠠᠶᠢᠷ᠂ ᠬᠡᠷ ᠤᠨ ᠮᠢᠯᠢᠶᠠᠯᠳᠠ ᠳᠤ ᠵᠤᠷᠢᠭᠤᠯᠤᠯᠳᠠ ᠲᠠᠢ ᠭᠠᠩᠭᠠᠩ ᠬᠢᠴᠡ ᠲᠠᠢ᠂ ᠴᠤᠯᠤ ᠮᠦᠩᠬᠦᠨ ᠬᠠᠵᠠᠭᠠᠷ ᠲᠠᠢ ᠡᠮᠡᠬᠡᠯ | ᠴᠤ ᠤᠯᠠᠨ ᠬᠢᠵᠦ᠂ ᠬᠤᠳᠠᠯᠳᠤᠨ ᠠᠪᠤᠭᠴᠢᠳ ᠤᠨ ᠬᠠᠨᠤᠮᠵᠢᠳᠠᠢ ᠦᠨᠡᠯᠡᠭᠡ ᠶᠢ ᠤᠯᠵᠦ᠂ ᠳᠡᠬᠦᠨ ᠤ ᠰᠤᠷ ᠡᠳ᠋ᠯᠡᠯ ᠢ | ᠬᠤᠳᠠᠯᠳᠤᠨ ᠠᠪᠬᠤ ᠬᠦᠮᠦᠰ ᠴᠤ ᠤᠯᠠᠮ ᠠᠴᠠ ᠤᠯᠠᠮ ᠤᠯᠠᠨ ᠪᠤᠯᠤᠭᠰᠠᠭᠠᠷ ᠢᠷᠡᠵᠠᠢ᠃ ᠪᠤᠭᠳᠠ ᠶᠢᠨ ᠭᠤᠤᠯ ᠰᠤᠮᠤᠨ ᠤ | ᠳᠦᠷᠪᠡᠨ ᠬᠤᠳᠳᠤᠭ ᠭᠠᠴᠠᠭᠠᠨ ᠤ ᠮᠠᠯᠴᠢᠨ ᠳᠤᠭᠳᠠᠬᠤ ᠪᠤᠯ ᠳᠡᠬᠦᠨ ᠠᠴᠠ ᠦᠷᠬᠦᠯᠵᠢ ᠠᠳᠤᠭᠤᠨ ᠤ ᠡᠳ᠋ᠯᠡᠯ ᠬᠡᠷᠡᠭᠰᠡᠯ | ᠬᠤᠳᠠᠯᠳᠤᠨ ᠠᠪᠳᠠᠭ ᠬᠦᠮᠦᠨ ᠤ ᠨᠢᠬᠡ ᠪᠤᠯᠤᠨ᠎ᠠ᠃ ︽ᠮᠠᠨ ᠤ ᠠᠳᠤᠭᠤᠨ ᠳᠤ ᠪᠠᠨ ᠬᠡᠷᠡᠭᠯᠡᠵᠦ ᠪᠠᠶᠢᠭ᠎ᠠ ᠰᠤᠷ ᠡᠳ᠋ᠯᠡᠯ ᠤᠨ | ᠤᠯᠠᠩᠬᠢ ᠶᠢ ᠨᠢ ᠴᠦᠮ ᠡᠳᠡᠨᠡᠶᠢᠬᠢᠨ ᠠᠴᠠ ᠬᠤᠳᠠᠯᠳᠤᠨ ᠠᠪᠤᠭᠰᠠᠨ ᠶᠤᠮ᠃ ᠦᠨ᠎ᠡ ᠬᠠᠩᠰᠢ ᠨᠢ ᠳᠤᠬᠢᠯᠢᠭ ᠮᠦᠷᠳᠡᠬᠡᠨ | ᠴᠢᠨᠠᠷ ᠰᠠᠶᠢᠳᠠᠢ᠃ ᠳᠡᠭᠦᠰᠵᠢᠷᠭᠠᠯ ᠪᠤᠯ ᠠᠪᠠᠭ᠎ᠠ ᠡᠮᠡᠬᠡᠯ᠂ ᠰᠦᠨᠢᠳ ᠡᠮᠡᠬᠡᠯ᠂ ᠴᠠᠬᠠᠷ ᠡᠮᠡᠬᠡᠯ ᠢ ᠴᠤ ᠪᠦᠷ ᠰᠠᠶᠢᠬᠠᠨ | ᠤᠷᠠᠯᠠᠵᠦ ᠬᠢᠳᠡᠭ ᠤᠷᠠᠨ ᠭᠠᠷ ᠲᠠᠢ᠂ ᠠᠳᠤᠭᠤᠴᠢᠨ ᠠᠶᠢᠯ ᠤᠨ ᠤᠳᠤᠮ ᠶᠤᠮ᠃︾ ᠬᠡᠵᠦ ᠳᠤᠭᠳᠠᠬᠤ ᠶᠠᠷᠢᠨ᠎ᠠ᠃ | ᠬᠡᠷᠡᠭᠯᠡᠭᠴᠢ ᠰᠠᠩᠵᠠᠢ ︽ᠳᠡᠬᠦᠰ ᠠᠬ᠎ᠠ ᠪᠤᠯ ᠵᠢᠩᠬᠢᠨᠢ ᠮᠤᠩᠭᠤᠯ ᠠᠮᠢᠳᠤᠷᠠᠯ ᠢᠶᠠᠨ ᠰᠠᠶᠢᠨ ᠮᠡᠳᠡᠳᠡᠭ ᠮᠠᠯᠴᠢᠨ | ᠬᠦᠮᠦᠨ᠃ ᠳᠡᠬᠦᠨ ᠤ ᠬᠢᠳᠡᠭ ᠰᠤᠷ ᠡᠳ᠋ᠯᠡᠯ ᠪᠤᠯᠤᠨ ᠡᠮᠡᠬᠡᠯ ᠨᠢ ᠤᠷᠠᠨ ᠨᠠᠷᠢᠨ ᠬᠢᠴᠡ ᠲᠠᠢ ᠮᠦᠷᠳᠡᠬᠡᠨ ᠴᠢᠨᠠᠷᠯᠢᠭ ᠪᠠᠶᠢᠳᠠᠭ | ᠃ ᠡᠨᠡ ᠳᠠᠯ᠎ᠠ ᠪᠠᠷ ᠨᠢᠬᠡᠨ ᠦᠶ᠎ᠡ ᠶᠢᠨ ᠵᠠᠯᠠᠭᠤᠴᠤᠳ ᠪᠠᠭᠠᠴᠤᠳ ᠲᠤ ᠪᠠᠨ ᠰᠠᠶᠢᠨ ᠪᠠᠭᠰᠢ ᠰᠠᠶᠢᠨ ᠳᠠᠭᠤᠷᠢᠶᠠᠯ ᠪᠤᠯᠬᠤ | ᠶᠤᠰᠤᠳᠠᠢ᠃︾ ᠬᠡᠵᠦ ᠰᠡᠳᠬᠢᠯ ᠪᠠᠭ᠋ᠠᠳᠤᠨ ᠶᠠᠷᠢᠨ᠎ᠠ᠃ | ᠳᠡᠬᠦᠰᠵᠢᠷᠭᠠᠯ ᠰᠤᠷᠪᠤᠯᠵᠢᠯᠠᠭᠴᠢ ᠳᠤ᠄ ︽ᠰᠤᠷ ᠡᠳ᠋ᠯᠡᠯ ᠬᠢᠬᠦ ᠳᠤ ᠬᠠᠮᠤᠭ ᠴᠢᠬᠤᠯᠠ ᠨᠢ ᠰᠤᠷ ᠢᠶᠠᠨ ᠢᠳᠡᠬᠡᠯᠡᠬᠦ | ᠳᠤ ᠪᠤᠢ᠃ ᠢᠳᠡᠭᠡ ᠶᠡᠬᠡᠳᠬᠦ ᠪᠤᠶᠤ ᠢᠳᠡᠭᠡ ᠪᠠᠭᠠᠳᠠᠬᠤ ᠨᠢ ᠰᠤᠷ ᠡᠳ᠋ᠯᠡᠯ ᠤᠨ ᠴᠢᠨᠠᠷ ᠴᠢᠨᠰᠠᠭ᠎ᠠ ᠶᠢ ᠰᠢᠭᠤᠳ ᠨᠦᠯᠦᠬᠡᠯᠡᠬᠦ | ᠪᠤᠯᠤᠨ᠎ᠠ᠃ ᠡᠶᠢᠮᠦ ᠠᠴᠠ ᠢᠳᠡᠭᠡ ᠵᠤᠬᠢᠴᠠᠭᠤᠯᠬᠤ ᠪᠤᠯ ᠰᠤᠷ ᠡᠳ᠋ᠯᠡᠯ ᠬᠢᠬᠦ ᠶᠢᠨ ᠵᠠᠩᠬᠢᠯᠠᠭ᠎ᠠ ᠪᠤᠯᠤᠨ᠎ᠠ᠃︾ ᠬᠡᠵᠦ ᠶᠠᠷᠢᠨ᠎ᠠ | ᠃ | ᠨᠠᠰᠤᠳᠠᠢ ᠬᠦᠮᠦᠰ ᠪᠤᠯ ᠠᠮᠢᠳᠤᠷᠠᠯ ᠤᠨ ᠤᠯᠠᠨ ᠳᠠᠯ᠎ᠠ ᠶᠢᠨ ᠳᠤᠷᠰᠢᠯᠭ᠎ᠠ ᠰᠤᠷᠭᠠᠮᠵᠢ ᠶᠢ ᠪᠡᠶ᠎ᠡ ᠳᠤ ᠪᠠᠨ | ᠬᠤᠷᠠᠮᠳᠤᠭᠤᠯᠵᠦ᠂ ᠢᠯᠠᠩᠭᠤᠶ᠎ᠠ ᠦᠨᠳᠦᠰᠦᠳᠡᠨ ᠤ ᠪᠠᠨ ᠤᠤᠭᠠᠯ ᠰᠤᠶᠤᠯ ᠤᠨ ᠦᠨ᠎ᠡ ᠴᠠᠨ᠎ᠠ ᠶᠢ ᠬᠦᠢᠴᠡᠳ ᠮᠡᠳᠡᠷᠡᠵᠦ | ᠦᠷ᠎ᠡ ᠬᠤᠶᠢᠴᠢᠰ ᠳᠠᠭᠠᠨ ᠤᠯᠠᠮᠵᠢᠯᠠᠵᠦ ᠶᠠᠪᠤᠭ᠎ᠠ ᠰᠤᠶᠤᠯ ᠤᠨ ᠠᠴᠢᠶᠠᠯᠠᠭᠴᠢ ᠪᠤᠯᠬᠤ ᠶᠤᠰᠤᠳᠠᠢ᠃ ᠨᠠᠰᠤᠨ ᠪᠠᠭ᠎ᠠ ᠠᠴᠠ | ᠪᠠᠨ ᠡᠬᠢᠯᠡᠵᠦ ᠠᠳᠤᠭᠤ ᠮᠠᠯ ᠲᠠᠢ ᠪᠠᠨ ᠨᠤᠴᠤᠯᠳᠤᠵᠦ᠂ ᠵᠠᠯᠠᠭᠤ ᠢᠳᠡᠷ ᠦᠶ᠎ᠡ ᠳᠤ ᠪᠠᠨ ᠴᠤ ᠠᠳᠤᠭᠤ ᠮᠠᠯ ᠢᠶᠠᠷ ᠢᠶᠠᠨ | ᠪᠠᠭ᠋ᠠᠷᠬᠠᠵᠦ ᠶᠠᠪᠤᠭᠰᠠᠨ ᠳᠡᠭᠦᠰᠵᠢᠷᠭᠠᠯ ᠭᠤᠸᠠᠢ ᠵᠢᠷᠠᠨ ᠨᠠᠰᠤ ᠶᠢ ᠳᠠᠪᠠᠵᠦ ᠬᠦᠳᠡᠭᠡ ᠶᠢᠨ ᠠᠮᠢᠳᠤᠷᠠᠯ ᠠᠴᠠ ᠪᠠᠨ | ᠬᠤᠯᠠᠳᠠᠭᠰᠠᠨ ᠪᠤᠯᠪᠠᠴᠦ ᠠᠳᠤᠭᠤᠨ ᠰᠤᠶᠤᠯ ᠤᠨ ᠢᠶᠠᠨ ᠨᠠᠷᠢᠨ ᠨᠠᠨᠳᠢᠨ ᠵᠦᠢᠯᠡᠰ ᠢ ᠬᠤᠯᠠ ᠤᠶᠢᠷ᠎ᠠ ᠶᠢᠨ ᠬᠦᠮᠦᠰ ᠲᠤ | ᠪᠠᠨ ᠬᠠᠷᠠᠭᠤᠯᠤᠨ ᠮᠡᠳᠡᠬᠦᠯᠵᠦ ᠶᠠᠪᠤᠭ᠎ᠠ ᠨᠢ ᠮᠤᠩᠭᠤᠯᠴᠤᠳ ᠪᠢᠳᠡᠨ ᠤ ᠪᠠᠭ᠋ᠠᠷᠬᠠᠯ ᠪᠤᠯᠬᠤ ᠶᠤᠰᠤᠳᠠᠢ᠃ | |