ᠡᠨᠡ ᠵᠣᠶᠢᠯ ᠤᠨ ᠮᠥᠭᠦ ᠮᠠᠰᠢ ᠬᠤᠤᠷᠲᠠᠢ
ᠨᠡᠶᠢᠲᠡᠯᠡᠭᠰᠡᠨ ᠴᠠᠭ᠄
2022/10/28
      ᠡᠳᠡᠭᠡᠷ ᠮᠥᠭᠦ ᠨᠢ ᠪᠦᠷ ᠨᠢᠭᠡᠨ ᠬᠠᠮᠲᠤ ᠶᠢᠨ ᠣᠨᠴᠠᠯᠢᠭ ᠲᠠᠢ᠄ ᠫᠧᠫᠲ᠋ᠢᠳ᠋ ᠤᠨ  ᠲᠥᠷᠥᠯ ᠤᠨ ᠬᠤᠤᠷᠲᠤ ᠡᠳ᠋ ᠠᠭᠤᠯᠵᠤ ᠪᠠᠶᠢᠳᠠᠭ᠃              ᠫᠧᠫᠲ᠋ᠢᠳ᠋ ᠨᠢ ᠴᠤᠬᠤᠮ ᠬᠡᠳᠦᠶ ᠠᠶᠤᠯ ᠲᠠᠢ ᠪᠠᠶᠢᠳᠠᠭ ᠪᠤᠢ︖              ᠫᠧᠫᠲ᠋ᠢᠳ᠋ ᠶᠡᠭᠡ ᠬᠠᠯᠠᠭᠤᠨ᠂ ᠬᠦᠴᠢᠯ ᠱᠦᠯᠲᠦ ᠪᠣᠯᠤᠨ ᠳᠠᠪᠤᠰᠤᠨ ᠳᠤ ᠲᠡᠰᠪᠦᠷᠢᠲᠡᠢ᠂ ᠪᠤᠴᠠᠯᠤᠮ᠎ᠠ ᠬᠠᠯᠠᠭᠤᠨ ᠳᠤ ᠵᠢᠩᠨᠡᠬᠦ ᠪᠤᠶᠤ ᠬᠠᠭᠤᠷᠴᠤ ᠬᠠᠭᠠᠷᠢᠬᠤ ᠵᠡᠷᠭᠡ ᠡᠩ ᠤᠨ ᠬᠤᠭᠤᠯᠠ ᠬᠢᠬᠦ ᠠᠷᠭ᠎ᠠ ᠨᠢ ᠴᠥᠮ ᠲᠡᠭᠦᠨ ᠤ ᠬᠤᠣᠷᠲᠤ ᠴᠢᠨᠠᠷ ᠢ ᠡᠪᠳᠡᠵᠦ ᠴᠢᠳᠠᠬᠤ ᠦᠭᠡᠢ ᠶᠤᠮ᠃ ᠠᠷᠠᠳ ᠤᠨ ᠳᠤᠮᠳᠠ ᠳᠡᠯᠭᠡᠷᠡᠵᠦ ᠪᠠᠶᠢᠭ᠎ᠠ ᠪᠤᠴᠠᠯᠤᠮ᠎ᠠ ᠬᠠᠯᠠᠭᠤᠨ ᠢᠶᠠᠷ  ᠬᠤᠤᠷ ᠠᠷᠢᠯᠭᠠᠬᠤ ᠪᠠ ᠰᠠᠷᠢᠮᠰᠠᠭ ᠢᠶᠠᠷ ᠬᠤᠤᠷ ᠠᠷᠢᠯᠭᠠᠬᠤ ᠪᠣᠯ ᠪᠦᠷ ᠮᠠᠰᠢ ᠨᠠᠶᠢᠳᠠᠪᠤᠷᠢ ᠦᠭᠡᠢ ᠬᠡᠯᠡᠯᠭᠡ ᠶᠤᠮ᠃ ᠫᠧᠫᠲ᠋ᠢᠳ᠋ ᠤᠨ ᠲᠥᠷᠥᠯ ᠤᠨ ᠬᠤᠤᠷᠲᠤ ᠡᠳ᠋ ᠤᠨ ᠳᠣᠲᠣᠷ᠎ᠠ ᠬᠠᠮᠤᠭ ᠠᠴᠠ ᠠᠮᠢᠨ ᠳᠤ ᠬᠥᠷᠬᠦ ᠨᠢ α - ᠫᠧᠫᠲ᠋ᠢᠳ᠋  ︵α- amanitin︶ ᠪᠣᠯᠤᠨ᠎ᠠ᠂ ᠲᠣᠰ ᠬᠤᠤᠷᠲᠤ ᠡᠳ᠋ ᠪᠣᠯ ᠴᠦᠮᠡᠯᠢᠭ ᠠᠮᠢᠳᠤ ᠪᠣᠳᠠᠰ RNA ᠶᠢᠨ ᠪᠥᠭᠡᠭᠡᠨᠡᠷᠡᠭᠦᠯᠬᠦ ᠢᠰᠬᠡᠭᠦᠷ II ᠤᠨ ᠴᠢᠳᠠᠯ ᠶᠡᠬᠡᠲᠡᠢ ᠬᠤᠷᠢᠭᠯᠠᠭᠴᠢ ᠡᠳ᠋ ᠶᠤᠮ᠂ mRNA ᠶᠢᠨ ᠰᠢᠯᠵᠢᠭᠦᠯᠦᠯᠲᠡ ᠶᠢ ᠬᠤᠷᠢᠭᠯᠠᠵᠤ ᠤᠭᠤᠷᠠᠭ ᠤᠨ ᠨᠡᠶᠢᠯᠡᠯᠭᠡ ᠶᠢ ᠬᠤᠷᠢᠭᠯᠠᠳᠠᠭ᠃ ᠡᠶᠢᠮᠦᠷᠬᠦᠦ ᠬᠤᠣᠷᠲᠤ ᠡᠳ᠋ ᠠᠭᠤᠯᠤᠭᠰᠠᠨ ᠮᠥᠭᠦ ᠶᠢ ᠠᠳᠡᠭᠦᠷᠡᠨ ᠢᠳᠡᠭᠰᠡᠨ ᠤ ᠳᠠᠷᠠᠭ᠎ᠠ᠂ ᠬᠤᠣᠷᠲᠤ ᠡᠳ᠋ ᠬᠤᠳᠣᠭᠤᠳᠣ ᠭᠡᠳᠡᠰᠦ ᠪᠠᠷ ᠳᠠᠮᠵᠢᠨ ᠡᠯᠢᠭᠡᠨ ᠳᠤ ᠬᠦᠷᠴᠤ᠂ ᠡᠯᠢᠭᠡᠨ ᠡᠰ ᠲᠤ ᠮᠠᠰᠢ ᠲᠦᠷᠭᠡᠨ ᠰᠢᠩᠭᠡᠭᠡᠭᠳᠡᠨ᠎ᠡ᠃ ᠬᠡᠳᠦ᠋ᠢᠪᠡᠷ ᠣᠯᠠᠩᠬᠢ ᠬᠤᠤᠷᠲᠤ ᠫᠧᠫᠲ᠋ᠢᠳ᠋ ᠨᠢ ᠰᠢᠭᠡᠰᠦ ᠶᠢ ᠳᠠᠭᠠᠵᠤ ᠭᠠᠳᠠᠭᠰᠢᠯᠠᠳᠠᠭ ᠪᠣᠯᠪᠠᠴᠤ ᠬᠡᠰᠡᠭ ᠡᠯᠢᠭᠡᠨ ᠳᠤ ᠰᠢᠩᠭᠡᠭᠡᠭᠳᠡᠭᠰᠡᠨ ᠬᠤᠤᠷᠲᠤ ᠡᠳ᠋ ᠨᠢ ᠪᠠᠰᠠ ᠰᠥᠰᠥᠨ ᠰᠢᠩᠭᠡᠨ ᠢᠶᠠᠷ ᠳᠡᠮᠵᠢᠨ ᠭᠡᠳᠡᠰᠦᠨ ᠳᠤ  ᠣᠷᠣᠵᠤ᠂ ᠡᠯᠢᠭᠡᠨ ᠳᠣᠲᠣᠷᠠᠬᠢ ᠴᠠᠭ ᠢ ᠤᠷᠲᠤᠳᠬᠠᠵᠤ᠂ ᠡᠯᠢᠭᠡᠨ ᠤ ᠭᠡᠮᠲᠦᠯ ᠢ ᠬᠦᠨᠳᠦᠷᠡᠭᠦᠯᠳᠡᠭ᠃ ᠡᠶᠢᠮᠤᠷᠡᠬᠦᠥ ᠬᠤᠤᠷᠲᠤ ᠡᠳ᠋ ᠠᠴᠠ ᠪᠣᠯᠤᠭᠰᠠᠨ ᠬᠤᠤᠷ ᠬᠥᠨᠥᠭᠡᠯ ᠢ ᠰᠥᠷᠴᠦ ᠴᠢᠳᠠᠰᠢ ᠥᠬᠡᠶ ᠶᠤᠮ᠂ ᠡᠪᠡᠳᠴᠢᠲᠡᠨ ᠡᠪᠡᠳᠴᠢᠯᠡᠭᠰᠡᠨ ᠤ ᠳᠠᠷᠠᠭ᠎ᠠ᠂ ᠵᠥᠪᠬᠡᠨ ᠡᠯᠢᠭᠡ ᠰᠢᠯᠵᠢᠭᠦᠯᠬᠦ ᠡᠮᠴᠢᠯᠡᠭᠡ ᠪᠠᠷ‌‍ᠲ᠋ᠡᠮᠵᠢᠨ ᠵᠠᠰᠠᠨ᠎ᠠ᠂ ᠥᠭᠦᠬᠦ ᠨᠣᠷᠮ᠎ᠠ ᠲᠦᠢᠯ ᠤᠨ ᠥᠨᠳᠥᠷ ᠪᠠᠶᠢᠳᠠᠭ᠃ ᠲᠡᠳᠡ ᠬᠡᠳᠦ᠋ᠢᠪᠡᠷ ᠥᠩᠭᠡᠨ ᠳᠡᠭᠡᠷ᠎ᠡ ᠪᠠᠨ ᠪᠣᠷᠣᠭᠵᠢᠭᠤᠨ᠂ ᠦᠵᠡᠬᠦ ᠳᠤ ᠬᠥᠮᠦᠨ ᠮᠠᠯ ᠳᠤ ᠬᠤᠣᠷ ᠦᠭᠡᠢ ᠰᠢᠭ ᠪᠣᠯᠪᠠᠴᠤ᠂ ᠬᠤᠣᠷᠲᠤ ᠴᠢᠨᠠᠷ ᠨᠢ ᠬᠥᠳᠡᠯᠬᠦ ᠦᠶ᠎ᠡ ᠳᠤ᠂ ᠴᠠᠭ ᠲᠤᠬᠠᠢ ᠳᠤᠨᠢ ᠠᠪᠤᠷᠠᠬᠤ ᠦᠭᠡᠢ ᠪᠣᠯ ᠬᠥᠮᠦᠨ ᠦᠬᠦᠵᠦ᠂ ᠲᠥᠢᠯ ᠤᠨ ᠶᠡᠭᠡ ᠬᠤᠣᠷ ᠬᠥᠨᠥᠭᠡᠯ ᠠᠪᠴᠢᠷᠠᠨ᠎ᠠ᠃ ᠡᠶᠢᠮᠦ ᠠᠴᠠ ᠣᠯᠠᠨ ᠢᠶᠠᠷ ᠢᠶᠠᠨ ᠬᠡᠭᠡᠷ᠎ᠡ ᠶᠢᠨ ᠮᠥᠭᠦ ᠶᠢ ᠳᠤᠷ᠎ᠠ ᠪᠠᠷ ᠵᠶ᠋ᠠᠨ‌ᠢᠳᠡᠵᠦ ᠪᠣᠯᠬᠤ ᠥᠬᠡᠶ᠂ ᠣᠲᠣ ᠶᠢᠨ ᠵᠠᠬ᠎ᠠ ᠳᠡᠯᠭᠡᠭᠦᠷ ᠳᠡᠭᠡᠷᠡᠬᠢ ᠪᠠᠰᠠ ᠮᠠᠰᠢ ᠣᠯᠠᠨ  ᠠᠮᠲᠠᠲᠠᠶ ᠮᠥᠭᠦ ᠲᠤᠷ᠎ᠠ ᠶᠢ ᠴᠢᠨᠢ ᠳᠠᠷᠤᠵᠤ ᠪᠣᠯᠬᠤ ᠦᠭᠡᠢ ᠶᠤᠮ︕
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号