ᠭᠡᠵᠢᠭᠡ  ᠪᠤᠲᠤᠬᠤ ᠨᠢ ᠦᠰᠦ  ᠣᠨᠠᠵᠤ  ᠦᠮᠠᠨ ᠡᠬᠦᠰᠬᠡᠨ᠎ᠡ ᠤᠤ︖
ᠨᠡᠶᠢᠲᠡᠯᠡᠭᠰᠡᠨ ᠴᠠᠭ᠄
2022/10/28
       ᠬᠢᠮᠢ ᠶᠢᠨ ᠭᠡᠵᠢᠭᠡᠨ ᠪᠤᠳᠤᠭ ᠲᠠᠢ ᠬᠠᠷᠢᠴᠠᠭᠤᠯᠪᠠᠯ᠂ ᠤᠷᠭᠤᠮᠠᠯ ᠤᠨ ᠭᠡᠵᠢᠭᠡᠨ ᠪᠤᠳᠤᠭ ᠨᠡᠯᠢᠶᠡᠳ ᠠᠮᠤᠷ ᠲᠦᠪᠰᠢᠨ ᠶᠤᠮ᠂ ᠲᠡᠷᠡ ᠨᠢ ᠭᠤᠣᠯᠳᠠᠭᠤ ᠪᠠᠶᠢᠭᠠᠯᠢ ᠶᠢᠨ ᠪᠦᠲᠦᠭᠡᠭᠳᠡᠬᠦᠨ ᠪᠣᠯᠤᠨ᠎ᠠ᠃ ᠬᠢᠮᠢ ᠶᠢᠨ ᠭᠡᠵᠢᠭᠡᠨ ᠪᠤᠳᠤᠭ ᠲᠤ ᠪᠦᠷ ᠨᠢᠭᠡ ᠵᠣᠶᠢᠯ ᠤᠨ ᠬᠢᠮᠢ ᠶᠢᠨ ᠪᠣᠳᠠᠰ —ᠡᠰᠡᠷᠬᠦ ᠪᠧᠨ᠋ᠽᠧᠨ ᠤ ᠬᠤᠶᠠᠷᠴᠢ ᠠᠮᠢᠨ(对苯二胺︶ᠠᠭᠤᠯᠳᠠᠭ᠃ 2017ᠣᠨ ᠤ ᠳᠡᠯᠡᠬᠡᠶ ᠶᠢᠨ ᠡᠷᠡᠭᠦᠯ ᠬᠠᠮᠠᠭᠠᠯᠠᠯ ᠤᠨ  ᠵᠣᠬᠢᠶᠠᠨ  ᠪᠠᠶᠢᠭᠤᠯᠤᠯᠲᠠ‌‍ᠶᠢᠨ ᠣᠯᠠᠨ ᠤᠯᠤᠰ ᠤᠨ ᠥᠮᠡᠨ ᠡᠪᠡᠳᠴᠢᠨ ᠤ ᠰᠤᠳᠤᠯᠭᠠᠨ ᠤ ᠪᠠᠶᠢᠭᠤᠯᠤᠮᠵᠢ ᠶᠢᠨ ᠨᠡᠶᠢᠲᠡᠯᠡᠭᠰᠡᠨ ᠥᠮᠡᠨ ᠡᠭᠦᠰᠭᠡᠬᠦ ᠪᠣᠳᠠᠰ ᠤᠨ ᠲᠣᠳᠣᠷᠬᠠᠶ ᠪᠠᠶᠢᠴᠠᠭᠠᠯᠳᠠ ᠶᠢ ᠦᠨᠳᠦᠰᠦᠯᠡᠪᠡᠯ᠂ ᠡᠨᠡᠬᠦ ᠬᠢᠮᠢ ᠶᠢᠨ ᠪᠣᠳᠠᠰ —ᠡᠰᠡᠷᠬᠦ ᠪᠧᠨ᠋ᠽᠧᠨ ᠤ ᠬᠤᠶᠠᠷᠴᠢ ᠠᠮᠢᠨ  ᠨᠢ ᠭᠤᠷᠪᠠᠳᠤᠭᠠᠷ ᠲᠥᠷᠥᠯ ᠤᠨ ᠥᠮᠡᠨ ᠡᠭᠦᠰᠭᠡᠭᠴᠢ ᠪᠣᠳᠠᠰ ᠮᠥᠨ᠂ ᠲᠤᠬᠠᠶᠢᠯᠠᠪᠠᠯ ᠣᠷᠳᠣ ᠬᠤᠭᠤᠴᠠᠭ᠎ᠠ ᠪᠠᠷ ᠣᠶᠢᠷᠠᠲᠤᠪᠠᠯ ᠥᠮᠡᠨ ᠡᠭᠦᠰᠭᠡᠬᠦ ᠲᠦᠭᠰᠢᠭᠦᠷᠢ ᠲᠠᠢ᠃ ᠬᠠᠶᠠ ᠦᠰᠦ ᠪᠤᠳᠤᠬᠤ ᠳᠤ ᠥᠮᠡᠨ ᠡᠭᠦᠰᠭᠡᠬᠦ ᠥᠬᠡᠶ᠂ ᠭᠡᠪᠡᠴᠦ ᠬᠤᠶᠢᠬ᠎ᠠ ᠮᠠᠭᠤᠲᠠᠢ ᠬᠥᠮᠦᠰ ᠭᠡᠵᠢᠭᠡ ᠪᠠᠨ ᠪᠤᠳᠤᠬᠤ‌ᠦᠶ᠎ᠡ ᠳᠤ ᠬᠠᠷᠰᠢᠬᠤ ᠦᠵᠡᠭᠳᠡᠯ ᠭᠠᠷᠴᠤ ᠮᠡᠳᠡᠨ᠎ᠡ᠃ ᠭᠡᠵᠢᠭᠡ ᠪᠣᠳᠣᠬᠤ ᠨᠢ ᠦᠨᠡᠬᠡᠷ  ᠭᠡᠵᠢᠭᠡ ᠤᠨᠠᠬᠤ ᠠᠶᠤᠯ ᠢ ᠨᠡᠮᠡᠭᠳᠡᠭᠦᠯᠦᠨ᠎ᠡ᠃ ᠦᠰᠦ ᠪᠤᠳᠤᠬᠤ ᠡᠳ᠋ ᠲᠠᠬᠢ ᠬᠢᠮᠢ ᠶᠢᠨ ᠪᠣᠳᠠᠰ ᠨᠢ ᠨᠡᠯᠢᠶᠡᠳ ᠴᠢᠩᠭ᠎ᠠ ᠰᠡᠲᠦᠯᠲᠡ ᠶᠢᠨ ᠴᠢᠨᠠᠷᠲᠠᠶ᠂ ᠳᠠᠬᠢᠨ ᠳᠠᠪᠲᠠᠨ ᠦᠰᠦ ᠪᠤᠳᠤᠬᠤ ᠨᠢ ᠬᠤᠶᠢᠬ᠎ᠠ ᠪᠠ ᠦᠰᠦᠨ ᠰᠦᠪᠡ ᠶᠢᠨ ᠦᠷᠪᠢᠰᠦᠯ  ᠢ ᠡᠭᠦᠰᠭᠡᠵᠦ ᠮᠡᠳᠡᠨ᠎ᠡ᠂ ᠤᠳᠠᠭᠠᠨ ᠳᠠᠭᠠᠨ ᠦᠰᠦᠨ ᠰᠦᠪᠡ ᠬᠠᠭᠠᠭᠳᠠᠵᠤ᠂ ᠦᠰᠦ ᠨᠠᠷᠢᠰᠴᠤ᠂ ᠦᠰᠦ ᠤᠨᠠᠬᠤ ᠲᠦᠭᠰᠢᠭᠦᠷᠢ ᠶᠢ ᠨᠡᠮᠡᠭᠳᠡᠭᠦᠯᠦᠨ᠎ᠡ᠃ ᠪᠠᠶᠢᠩᠭᠤ ᠶᠢᠨ ᠴᠢᠨᠠᠷᠲᠠᠶ ᠭᠡᠵᠢᠭᠡᠨ ᠪᠤᠳᠤᠭ ᠢ ᠬᠡᠷᠡᠭᠯᠡᠬᠦ  ᠳᠤ᠂ ᠬᠢᠮᠢ ᠶᠢᠨ ᠪᠣᠳᠠᠰ ᠨᠢ ᠦᠰᠦᠨ ᠤ ᠡᠪᠡᠷᠯᠢᠭ ᠳᠠᠪᠬᠤᠷᠭ᠎ᠠ ᠶᠢ ᠨᠡᠭᠡᠭᠡᠳᠡᠭ᠂ ᠭᠡᠬᠦ ᠳᠤ ᠡᠪᠡᠷᠯᠢᠭ ᠳᠠᠪᠬᠤᠷᠭ᠎ᠠ ᠨᠢ ᠬᠠᠷᠢᠨ ᠭᠡᠵᠢᠭᠡᠨ ᠤ ᠲᠦᠷᠦᠯᠬᠢ ᠬᠠᠮᠠᠭᠠᠯᠠᠯᠲᠠ ᠶᠢᠨ ᠳᠠᠪᠬᠤᠷᠭ᠎ᠠ ᠪᠤᠯᠤᠨ᠎ᠠ᠂ ᠲᠡᠭᠦᠨ ᠤ ᠡᠪᠳᠡᠭᠳᠡᠯ ᠨᠢ ᠦᠰᠦᠨ ᠤ ᠡᠳ᠋ ᠲᠤ ᠮᠠᠰᠢ ᠶᠡᠭᠡ ᠬᠤᠬᠢᠷᠠᠯ  ᠤᠴᠠᠷᠠᠭᠤᠯᠳᠠᠭ᠃ ᠪᠤᠳᠤᠭᠳᠠᠮᠠᠬᠠᠶ ᠡᠳ᠋ ᠳᠣᠲᠣᠷᠠᠬᠢ ᠹᠧᠨᠢᠯ ᠤᠨ ᠲᠥᠷᠥᠯ ᠤᠨ ᠣᠷᠭᠠᠨᠢᠭ ᠪᠣᠳᠠᠰ ᠨᠢ ᠲᠣᠯᠣᠭᠠᠶ ᠶᠢᠨ ᠬᠤᠶᠢᠬ᠎ᠠ ᠪᠠᠷ ᠳᠡᠮᠵᠢᠨ ᠬᠦᠮᠦᠨ ᠤ ᠪᠡᠶ᠎ᠡ ᠳᠤ ᠣᠷᠣᠵᠤ᠂ ᠴᠢᠰᠤ ᠪᠦᠲᠦᠭᠡᠬᠦ ᠭᠤᠤᠯ ᠡᠰ ᠲᠤ ᠬᠤᠬᠢᠷᠠᠯ ᠤᠴᠠᠷᠠᠭᠤᠯᠵᠤ᠂ ᠴᠢᠰᠤᠨ ᠤ ᠰᠢᠰᠲ᠋ᠧᠮ ᠤᠨ ᠡᠪᠡᠳᠴᠢᠨ ᠢ ᠡᠭᠦᠰᠭᠡᠵᠦ ᠮᠡᠳᠡᠨ᠎ᠡ᠃ ᠶᠠᠮᠠᠷ ᠬᠥᠮᠦᠰ ᠦᠰᠦ ᠪᠤᠳᠤᠬᠤ ᠳᠤ ᠲᠣᠬᠢᠷᠠᠬᠤ ᠦᠭᠡᠢ ᠪᠣᠢ︖ ᠲᠣᠯᠣᠭᠠᠢ ᠶᠢᠨ ᠬᠤᠶᠢᠬ᠎ᠠ ᠪᠠ ᠠᠷᠠᠰᠤ ᠬᠦᠷᠦᠰᠤ ᠨᠢ ᠬᠠᠷᠰᠢᠮᠲᠤᠭᠠᠢ ᠬᠥᠮᠦᠰ᠂ ᠠᠷᠠᠰᠤ ᠨᠢ ᠭᠡᠮᠲᠦᠭᠰᠡᠳ᠂ ᠵᠢᠷᠮᠦᠰᠦᠨ ᠡᠮᠡᠭᠲᠡᠢ ᠪᠠ ᠬᠥᠬᠦᠭᠦᠯ ᠡᠮᠡᠭᠲᠡᠶᠢᠴᠦᠳ᠂ᠨᠠᠰᠤᠲᠠᠶᠢᠴᠤᠳ ᠪᠠ ᠡᠯᠢᠭᠡ ᠪᠥᠭᠡᠷ᠎ᠡ ᠮᠠᠭᠤᠲᠠᠢ ᠬᠥᠮᠦᠰ ᠦᠰᠦ ᠪᠤᠳᠤᠬᠤ ᠳᠤ ᠲᠣᠬᠢᠷᠠᠬᠤ‌ᠦᠭᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号