ᠸᠢᠴᠠᠲ ᠲᠤ ᠡᠶᠢᠮᠦ ᠵᠤᠶᠢᠯ ᠢᠯᠡᠷᠡᠪᠡᠯ ᠪᠤᠯᠭᠤᠮᠵᠢᠯᠠ︕
ᠨᠡᠶᠢᠲᠡᠯᠡᠭᠰᠡᠨ ᠴᠠᠭ᠄
2022/10/28
       ᠤᠳᠤ ᠶᠢᠨ ᠬᠦᠮᠦᠰ ᠶᠡᠷᠦᠨᠢ ᠸᠢᠴᠠᠲ᠂ ᡁᠢ ᠹᠦ᠋ ᠪᠤᠤ  ᠪᠠᠷ ᠲᠤᠭᠠᠴᠠᠭ᠎ᠠ ᠬᠢᠳᠡᠭ  ᠪᠤᠯᠤᠯ᠎ᠠ᠃ ᠬᠡᠷᠪᠡ  ᠲᠠᠨ ᠤ ᠸᠢᠴᠠᠲ ᠤᠨ ᠶᠠᠷᠢᠯᠴᠠᠭᠠᠨ ᠤ ᠳᠣᠮᠳᠠ ᠭᠡᠨᠡᠳᠲᠡ ᠡᠶᠢᠮᠦ ᠵᠤᠶᠢᠯ ᠢᠯᠡᠷᠡᠪᠡᠯ ᠪᠤᠯᠭᠤᠮᠵᠢᠯᠠᠬᠤ ᠬᠡᠷᠡᠭᠲᠡᠢ ᠶᠤᠮ ᠪᠠᠶᠢᠨ᠎ᠠ᠃         ᠰᠢᠶᠣᠣ ᠴᠧᠨ ᠥᠨᠥᠬᠡᠨ ᠥᠲᠥᠨ ᠪᠥᠮᠪᠦᠭᠡ ᠶᠢᠨ QQ ᠶᠢᠨ ᠬᠤᠯᠪᠤᠭᠠᠨ ᠳᠤ ᠣᠷᠣᠵᠦ᠂  ᠰᠢᠨ᠎ᠡ ᠪᠥᠮᠪᠦᠭᠡ ᠶᠢᠨ ᠫᠠᠶᠢᠰᠠ ᠬᠤᠳᠠᠯᠳᠤᠨ ᠠᠪᠬᠤ ᠬᠡᠰᠡᠨ ᠳᠤ ᠵᠠᠷᠢᠮ  ᠬᠦᠮᠦᠰ ᠳᠡᠬᠦᠨ ᠢ ᠪᠦᠷᠢᠳᠬᠡᠵᠦ ᠠᠪᠤᠭᠠᠳ ᠪᠦᠳᠦᠬᠡᠭᠳᠡᠬᠦᠨ ᠢᠶᠠᠨ ᠳᠠᠨᠢᠯᠴᠠᠭᠤᠯᠤᠬᠰᠠᠨ ᠪᠠᠶᠢᠪᠠ᠃ ᠶᠠᠭᠠᠬᠢᠭᠠᠳ ᠬᠤᠳᠠᠯᠳᠣᠭᠠᠨ ᠤ ᠲᠠᠪᠴᠠᠩ ᠳᠤ ᠠᠷᠠᠯᠵᠢᠶ᠎ᠠ ᠬᠢᠬᠦ ᠦᠬᠡᠢ ᠢᠩᠬᠢᠵᠦ ᠳᠠᠯᠳᠠᠭᠤᠷ ᠪᠤᠷᠤᠯᠠᠭᠤᠯᠵᠦ ᠪᠠᠶᠢᠭ᠎ᠠ ᠳᠣᠬᠠᠢ ᠰᠣᠨᠢᠷᠬᠠᠬᠰᠠᠨ ᠳᠤ ᠨᠦᠬᠦᠬᠡ ᠡᠳᠡᠭᠡᠳ ᠨᠢ ᠨᠠᠰᠦ ᠪᠠᠭ᠎ᠠ ᠣᠴᠢᠷ ᠲᠠᠪᠴᠠᠩ ᠳᠤ ᠪᠦᠷᠢᠳᠬᠡᠬᠦᠯᠵᠦ ᠴᠢᠳᠠᠬᠤ ᠦᠬᠡᠢ ᠬᠡᠳ QR ᠺᠤᠳ᠋ ᠶᠠᠪᠤᠭᠤᠯᠵᠦ ᠲᠤᠭᠠᠴᠠᠭ᠎ᠠ ᠬᠢᠬᠦ ᠶᠢ ᠱᠠᠭᠠᠷᠳᠠᠪᠠ᠃ ᠰᠢᠶᠣᠣ ᠴᠧᠨ ᠮᠦᠩᠬᠦ ᠰᠢᠯᠵᠢᠭᠦᠯᠬᠦ‌ᠦᠶ᠎ᠡ ᠳᠤ ᠸᠢᠴᠠᠲ ᠨᠢ ᠨᠥᠭᠦᠭᠡ ᠡᠲᠡᠭᠡᠳ ᠤᠨ ᠮᠦᠩᠬᠦᠨ ᠤ ᠳᠠᠩᠰᠠ ᠳᠤ ᠬᠡᠪ ᠤᠨ ᠪᠤᠰᠤ ᠦᠶᠯᠡ ᠠᠵᠢᠯᠯᠠᠭ᠎ᠠ ᠣᠷᠣᠰᠢᠵᠦ ᠪᠠᠶᠢᠭ᠎ᠠ ᠲᠤᠯᠠ᠂ ᠵᠣᠭᠤᠰ ᠬᠤᠷᠢᠶᠠᠬᠤ ᠶᠢ ᠬᠢᠵᠠᠭᠠᠷᠯᠠᠯ᠎ᠠ ᠭᠡᠰᠡᠨ ᠰᠠᠨᠠᠭᠤᠯᠭ᠎ᠠ ᠢᠯᠡᠷᠡᠭᠰᠡᠨ ᠪᠠᠶᠢᠨ᠎ᠠ᠃  ᠡᠬᠢᠨ ᠳᠡᠭᠡᠨ ᠲᠡᠷᠡ ᠡᠭᠦᠨ ᠳᠤ ᠰᠡᠵᠢᠭ ᠲᠠᠢ ᠪᠠᠶᠢᠬᠰᠠᠨ ᠴᠦ ᠨᠥᠭᠦᠭᠡ ᠡᠲᠡᠭᠡᠳ ᠨᠢ ᠰᠢᠶᠣᠣ ᠴᠧᠨ ᠳᠤ ᠪᠡᠶ᠎ᠡ ᠶᠢᠨ ᠦᠨᠡᠮᠯᠡᠯ᠂  ᠭᠡᠷᠡᠴᠢ ᠪᠢᠴᠢᠭ᠂ ᠱᠠᠩᠨᠠᠯ ᠤᠨ ᠫᠠᠶᠢᠰᠠ ᠪᠠᠨ ᠬᠠᠷᠠᠭᠤᠯᠤᠬᠰᠠᠨ ᠳᠤ ᠳᠡᠬᠦᠨ ᠤ ᠰᠡᠵᠢᠭ ᠡᠷᠡᠭᠡᠯᠵᠡᠭᠡ ᠠᠯᠳᠠᠷᠠᠵᠦ᠂ 930 ᠲᠥᠭᠦᠷᠢᠭ ᠳᠣᠰᠢᠶᠠᠬᠰᠠᠨ ᠪᠠᠶᠢᠨ᠎ᠠ᠃ ᠳᠡᠮᠡᠢ ᠤᠳᠠᠬᠰᠠᠨ ᠦᠬᠡᠢ ᠨᠦᠬᠦᠬᠡ ᠬᠦᠮᠦᠨ ᠶᠠᠷᠢᠯᠴᠠᠭᠠᠨ ᠤ ᠬᠠᠭᠠᠯᠭ᠎ᠠ ᠪᠠᠨ ᠬᠠᠭᠠᠬᠰᠠᠨ ᠢ ᠬᠠᠷᠠᠭᠠᠳ  ᠰᠠᠶ᠋ᠢ‌ᠮᠡᠬᠡᠯᠡᠭᠳᠡᠭᠰᠡᠨ ᠢᠶᠠᠨ ᠮᠡᠳᠡᠭᠰᠡᠨ ᠪᠠᠶᠢᠨ᠎ᠠ᠃  ᠴᠠᠭᠳᠠᠭᠠᠨ ᠤ ᠲᠠᠯ᠎ᠠ ᠶᠢᠨ ᠰᠠᠨᠠᠭᠤᠯᠤᠮᠵᠢ᠄ ᠸᠢᠴᠠᠲ ᠢᠶᠠᠷ ᠮᠦᠩᠬᠦ ᠰᠢᠯᠵᠢᠭᠦᠯᠬᠦ ᠦᠶᠡᠰ᠂ ᠳᠠᠷᠠᠭᠠᠬᠢ ᠵᠣᠶᠢᠯᠡᠰ ᠠᠴᠠ ᠪᠤᠯᠭᠤᠮᠵᠢᠯᠠᠬᠤ ᠬᠡᠷᠡᠭᠳᠡᠢ ᠶᠤᠮ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号