ᠬᠡᠦᠬᠡᠳ ᠰᠦᠯᠵᠢᠶᠡᠨ ᠳᠡᠭᠡᠷ᠎ᠡ ᠬᠢᠴᠢᠶᠡᠯ ᠣᠷᠣᠬᠤ ᠳᠤ ᠬᠥᠬᠡ ᠭᠡᠷᠡᠯ ᠰᠡᠷᠭᠡᠶᠢᠯᠡᠬᠦ ᠨᠢᠳᠦᠨ ᠰᠢᠯ ᠵᠡᠭᠦᠬᠦ ᠴᠢᠬᠤᠯᠠ ᠲᠠᠢ ᠦᠦ︖
ᠨᠡᠶᠢᠲᠡᠯᠡᠭᠰᠡᠨ ᠴᠠᠭ᠄
2022/10/28
      ᠬᠡᠦᠬᠡᠳ ᠰᠦᠯᠵᠢᠶᠡᠨ ᠳᠡᠭᠡᠷ᠎ᠡ ᠬᠢᠴᠢᠶᠡᠯ ᠣᠷᠣᠬᠤ ᠳᠤ ᠬᠥᠬᠡ ᠭᠡᠷᠡᠯ ᠠᠴᠠ ᠰᠡᠷᠭᠡᠶᠢᠯᠡᠬᠦ ᠨᠢᠳᠦᠨ ᠰᠢᠯ ᠵᠡᠭᠦᠬᠦ ᠦᠦ︖      ᠡᠭᠦᠨ ᠤ ᠲᠤᠬᠠᠶ ᠪᠡᠭᠡᠵᠢᠩ ᠬᠤᠲᠠ ᠶᠢᠨ ᠨᠢᠳᠦᠨ ᠤ ᠰᠠᠯᠠᠭᠠᠨ ᠤ ᠰᠤᠳᠤᠯᠬᠤ ᠭᠠᠵᠠᠷ ᠤᠨ ᠳᠠᠷᠤᠭ᠎ᠠ᠂ ᠡᠷᠬᠢᠯᠡᠭᠴᠢ ᠡᠮᠴᠢ᠂ ᠪᠦᠬᠦ ᠤᠯᠤᠰ ᠤᠨ ᠬᠠᠷᠠᠭ᠎ᠠ ᠠᠯᠳᠠᠬᠤ ᠶᠢ ᠰᠡᠷᠭᠡᠶᠢᠯᠡᠬᠦ ᠠᠵᠢᠯ ᠤᠨ ᠠᠯᠪᠠᠨ ᠭᠡᠷ ᠤᠨ ᠬᠠᠷᠢᠭᠤᠴᠠᠯᠭᠠᠲᠠᠨ ᠶᠢᠨ ᠽᠢ ᠪᠢᠩ ᠫᠷᠤᠹᠧᠰᠰᠤᠷ᠂ᠮᠧᠯᠪᠧᠨ ᠶᠡᠭᠡ ᠰᠤᠷᠭᠠᠭᠤᠯᠢ ᠶᠢᠨ ᠨᠢᠳᠦᠨ ᠤ ᠰᠢᠨᠵᠢᠯᠡᠬᠦ ᠤᠬᠠᠭᠠᠨ ᠤ ᠫᠷᠤᠹᠧᠰᠰᠤᠷ ᠾᠧ ᠮᠢᠩ ᠭᠤᠸᠠᠩ ᠬᠠᠷᠢᠭᠤᠯᠲᠠ ᠥᠭᠴᠡᠶ᠃             ᠶᠢᠨ ᠽᠢ ᠪᠢᠩ ᠫᠷᠤᠹᠧᠰᠰᠤᠷ ᠲᠠᠨᠢᠯᠴᠠᠭᠤᠯᠬᠤ ᠳᠠᠭᠠᠨ᠂ ︽ᠡᠯᠧᠺᠲᠷᠣᠨ ᠦᠢᠯᠡᠳᠭᠦᠨ ᠤ ᠳᠣᠲᠣᠷᠠᠬᠢ ᠳᠡᠯᠭᠡᠴᠡ ᠠᠴᠠ ᠭᠠᠳᠠᠨ᠎ᠠ᠂ ᠪᠠᠶᠢᠭᠠᠯᠢ ᠶᠢᠨ ᠬᠡᠷᠡᠯ ᠳᠤ ᠪᠠᠰᠠ ᠡᠯ᠎ᠡ ᠳᠣᠯᠭᠢᠶᠠᠨ ᠪᠠᠭ ᠤᠨ ᠬᠡᠷᠡᠯ ᠪᠠᠶᠢᠳᠠᠭ᠂ ᠡᠭᠦᠨ ᠳᠤ ᠣᠬᠤᠷ ᠳᠣᠯᠭᠢᠶᠠᠨ ᠤ ᠬᠥᠬᠡ ᠬᠡᠷᠡᠯ ᠪᠠᠭᠲᠠᠨ᠎ᠠ᠃ ᠣᠳᠣᠬᠠᠨ ᠤ ᠰᠢᠨᠵᠢᠯᠡᠬᠦ ᠤᠬᠠᠭᠠᠨ ᠤ ᠭᠡᠷᠡᠴᠢ ᠪᠠᠷᠢᠮᠲᠠ ᠳᠤ ᠬᠥᠬᠡ ᠬᠡᠷᠡᠯ ᠪᠣᠯ ᠣᠶᠢᠷ᠎ᠠ ᠬᠠᠷᠠᠭ᠎ᠠ ᠡᠭᠦᠰᠭᠡᠬᠦ ᠭᠤᠤᠯ ᠰᠢᠯᠲᠠᠭᠠᠨ ᠮᠥᠨ᠂ ᠮᠥᠨ ᠴᠦ ᠪᠣᠶ ᠪᠥᠬᠦᠶ ᠬᠥᠬᠡ ᠬᠡᠷᠡᠯ ᠨᠢ ᠴᠥᠮ ᠬᠥᠮᠦᠨ ᠤ ᠪᠡᠶ᠎ᠡ ᠳᠤ ᠬᠤᠤᠷᠲᠠᠶ ᠪᠢᠰᠢ᠂ᠪᠠᠰᠠ ᠵᠢᠱᠢᠶᠡᠯᠡᠪᠡᠯ ᠠᠮᠢᠳᠤ ᠪᠣᠳᠠᠰ ᠤᠨ ᠬᠡᠮᠨᠡᠯ᠂ ᠠᠮᠢᠳᠤ ᠪᠣᠳᠠᠰ ᠤᠨ ᠦᠶᠡᠯᠡᠯ ᠢ ᠲᠣᠬᠢᠷᠠᠭᠤᠯᠬᠤ ᠵᠡᠷᠭᠡ ᠦᠢᠯᠡᠳᠤᠯ ᠪᠠᠶᠢᠳᠠᠭ︾ ᠭᠡᠯ᠎ᠡ᠃ ᠲᠡᠷᠡ᠄ ︽ᠪᠢᠳᠡ ᠬᠥᠬᠡ ᠭᠡᠷᠡᠯ ᠤᠨ ᠬᠤᠤᠷ ᠬᠦᠨᠤᠭᠡᠯ ᠢ ᠬᠡᠲᠦᠷᠬᠡᠶ ᠲᠤᠮᠤᠷᠠᠭᠤᠯᠵᠤ ᠪᠣᠯᠬᠤ ᠦᠭᠡᠶ᠂ ᠭᠡᠪᠡᠴᠤ ᠬᠥᠬᠡ ᠭᠡᠷᠡᠯ ᠢ ᠪᠠᠰᠠ ᠴᠢᠬᠤᠯᠠᠴᠢᠯᠠᠵᠤ ᠦᠵᠡᠬᠦ ᠬᠡᠷᠡᠭᠲᠡᠶ︾ ᠭᠡᠵᠡᠢ᠃              ᠬᠥᠬᠡ ᠭᠡᠷᠡᠯ ᠰᠡᠷᠭᠡᠶᠢᠯᠡᠬᠦ ᠨᠢᠳᠦᠨ ᠰᠢᠯ ᠦᠨᠡᠬᠡᠷ ᠬᠡᠷᠡᠭᠴᠡᠭᠡ ᠲᠠᠢ ᠦᠦ ᠦᠭᠡᠢ  ᠦᠦ︖        ᠶᠢᠨ ᠽᠢ ᠪᠢᠩ ᠤᠨ ᠦᠵᠡᠬᠦ ᠪᠠᠷ᠂ ᠬᠢᠷᠢ ᠲᠡᠩᠴᠡᠭᠰᠡᠨ ᠬᠥᠬᠡ ᠬᠡᠷᠡᠯ ᠢ ᠰᠡᠷᠭᠡᠶᠢᠯᠡᠬᠦ ᠨᠢᠳᠦᠨ ᠰᠢᠯ ᠨᠢ ᠦᠨᠡᠬᠡᠷ ᠶᠠᠮᠠᠷ ᠨᠢᠭᠡᠨ ᠳᠣᠯᠭᠢᠶᠠᠨ ᠲᠠᠰᠤᠯᠪᠤᠷᠢ ᠪᠤᠶᠤ ᠬᠡᠳᠦᠨ ᠳᠣᠯᠭᠢᠶᠠᠨ ᠲᠠᠰᠤᠯᠪᠤᠷᠢ ᠶᠢᠨ ᠬᠡᠷᠡᠯ ᠢ ᠬᠠᠯᠬᠠᠯᠠᠵᠤ ᠲᠠᠶᠢᠯᠤᠨ᠎ᠠ᠃ ᠲᠡᠷᠡ ᠰᠠᠨᠠᠭᠤᠯᠬᠤ ᠳᠠᠭᠠᠨ᠂ ︽ᠡᠯᠧᠺᠲᠷᠣᠨ ᠦᠢᠯᠡᠳᠭᠦᠨ ᠢ ᠣᠷᠳᠣ ᠬᠤᠭᠤᠴᠠᠭ᠎ᠠ ᠪᠠᠷ ᠬᠡᠷᠡᠭᠯᠡᠬᠦ ᠴᠢᠬᠤᠯᠠᠲᠠᠶ ᠨᠠᠰᠤᠨ ᠳᠤ ᠭᠦᠷᠦᠭᠰᠡᠳ ᠥᠪᠡᠷ ᠤᠨ ᠪᠠᠶᠢᠳᠠᠯ ᠢᠶᠠᠨ ᠦᠨᠳᠦᠰᠦᠯᠡᠨ ᠬᠢᠷᠢ ᠲᠡᠩᠴᠡᠭᠰᠡᠨ ᠬᠥᠬᠡ ᠬᠡᠷᠡᠯ ᠤᠨ ᠰᠡᠷᠭᠡᠶᠢᠯᠡᠯᠲᠡ ᠶᠢᠨ ᠨᠢᠳᠦᠨ ᠰᠢᠯ ᠢ ᠰᠣᠩᠭᠤᠨ ᠬᠡᠷᠡᠭᠯᠡᠬᠦ ᠪᠤᠯᠤᠨ᠎ᠠ᠂ ᠠᠳᠡ ᠬᠢᠷᠢ ᠲᠡᠩᠴᠡᠭᠦ ᠳᠤ ᠬᠥᠬᠡ ᠬᠡᠷᠡᠯ ᠤᠨ ᠰᠢᠭᠦᠷᠡᠯᠲᠡ ᠶᠢᠨ ᠬᠠᠷᠢᠴᠠᠯ᠂ ᠬᠥᠬᠡ ᠬᠡᠷᠡᠯ ᠤᠨ ᠳᠣᠯᠭᠢᠶᠠᠨ ᠲᠠᠰᠤᠯᠪᠤᠷᠢ᠂ ᠪᠠᠷᠢᠮᠵᠢᠶᠠᠲᠤ ᠬᠡᠷᠡᠯ ᠤᠨ ᠤᠬᠠᠭᠠᠨ ᠤ ᠫᠠᠷᠠᠮᠧᠲᠷ ᠵᠡᠷᠭᠡ ᠪᠠᠭᠲᠠᠨ᠎ᠠ︾ ᠭᠡᠪᠡ᠃ ᠡᠭᠦᠨ ᠤ ᠬᠠᠮᠲᠤ ᠲᠡᠷᠡ ᠪᠠᠰᠠ᠄ ︽ᠦᠰᠦᠯᠲᠠ ᠪᠤᠶᠢᠵᠢᠯᠲᠠ ᠶᠢᠨ ᠬᠤᠭᠤᠴᠠᠭᠠᠨ ᠳᠠᠭᠠᠨ ᠪᠠᠶᠢᠭ᠎ᠠ ᠬᠡᠦᠬᠡᠳ ᠪᠠᠭᠠᠴᠤᠳ ᠲᠤ ᠰᠢᠭᠤᠳ ᠬᠥᠬᠡ ᠬᠡᠷᠡᠯ ᠠᠴᠠ ᠰᠡᠷᠭᠡᠶᠢᠯᠡᠬᠦ ᠨᠢᠳᠦᠨ‌‍ᠰᠢᠯ ᠵᠡᠭᠦᠯᠭᠡᠬᠦ ᠶᠢ ᠰᠠᠨᠠᠭᠠᠴᠢᠯᠠᠬᠤ ᠥᠬᠡᠶ᠂ ᠬᠠᠷᠢᠨ ᠡᠯᠧᠺᠲᠷᠣᠨ ᠦᠢᠯᠡᠳᠭᠦᠨ ᠤ ᠬᠡᠷᠡᠭᠯᠡᠬᠦ ᠴᠠᠭ ᠢ ᠬᠢᠵᠠᠭᠠᠷᠯᠠᠵᠤ᠂ ᠬᠡᠷ ᠤᠨ ᠭᠠᠳᠠᠨᠠᠬᠢ ᠬᠥᠳᠡᠯᠭᠡᠭᠡᠨ ᠢ ᠢᠯᠡᠭᠦᠬᠡᠨ ᠬᠢᠬᠦ ᠬᠡᠷᠡᠭᠲᠡᠶ︾ ᠭᠡᠯ᠎ᠡ᠃                ᠾᠧ ᠮᠢᠩ ᠭᠤᠸᠠᠩ ᠫᠷᠤᠹᠧᠰᠰᠤᠷ ᠪᠠᠰᠠ ᠬᠥᠬᠡ ᠬᠡᠷᠡᠯ  ᠢ ᠰᠡᠷᠭᠡᠶᠢᠯᠡᠬᠦ ᠨᠢᠳᠦᠨ ᠰᠢᠯ ᠨᠢ ᠵᠣᠬᠢᠬᠤ ᠦᠢᠯᠡᠳᠤᠯ ᠲᠠᠢ᠂ ᠭᠡᠪᠡᠴᠦ ᠬᠡᠲᠦᠷᠡᠭᠦᠯᠵᠦ ᠪᠣᠯᠬᠤ ᠥᠬᠡᠶ᠂ ︽ᠣᠲᠣ ᠪᠢᠳᠡ ᠮᠠᠰᠢ ᠣᠯᠠᠨ ᠡᠯᠧᠺᠲᠷᠣᠨ ᠳᠡᠯᠭᠡᠴᠡ ᠶᠢ  ᠬᠡᠷᠡᠭᠯᠡᠬᠦ ᠳᠤ ᠦᠨᠡᠬᠡᠷ ᠬᠥᠬᠡ ᠬᠡᠷᠡᠯ ᠤᠨ ᠬᠠᠷᠢᠴᠠᠯ ᠨᠢ ᠥᠨᠳᠥᠷ ᠪᠠᠶᠢᠳᠠᠭ᠂ ᠡᠶᠢᠮᠦ ᠠᠴᠠ ᠵᠠᠷᠢᠮ ᠦᠶ᠎ᠡ ᠳᠤ ᠬᠥᠬᠡ ᠬᠡᠷᠡᠯ ᠤᠨ ᠰᠢᠯ ᠢ ᠵᠣᠬᠢᠰᠲᠠᠶ ᠬᠡᠷᠡᠭᠯᠡᠬᠦ ᠨᠢ ᠨᠢᠳᠦ ᠶᠢ ᠬᠠᠮᠠᠭᠠᠯᠠᠬᠤ ᠳᠤ ᠵᠢᠭᠠᠬᠠᠨ ᠦᠢᠯᠡᠳᠤᠯ ᠲᠠᠢ ᠪᠠᠶᠢᠵᠤ ᠮᠡᠳᠡᠨ᠎ᠡ᠂ ᠨᠢᠳᠦᠨ ᠤ ᠡᠪᠡᠳᠴᠢᠨ ᠢ ᠰᠡᠷᠭᠡᠶᠢᠯᠡᠬᠦ  ᠪᠠᠷ ᠠᠪᠴᠤ ᠬᠡᠯᠡᠪᠡᠯ ᠦᠢᠯᠡᠳᠤᠯ ᠨᠢ ᠲᠡᠶᠢᠮᠦ ᠶᠡᠭᠡ ᠪᠢᠰᠢ  ᠶᠤᠮ᠃ ᠭᠡᠪᠡᠴᠦ ᠬᠥᠬᠡ ᠭᠡᠷᠡᠯ ᠠᠴᠠ ᠰᠡᠷᠭᠡᠶᠢᠯᠡᠬᠦ ᠨᠢᠳᠦᠨ ᠰᠢᠯ ᠬᠡᠷᠡᠭᠯᠡᠪᠡᠯ᠂ ᠨᠢᠳᠤᠨ ᠤ ᠲᠠᠭᠠᠯᠠᠮᠵᠢᠲᠠᠢ ᠬᠡᠮᠵᠢᠶ᠎ᠡ ᠦᠨᠡᠬᠡᠷ ᠳᠡᠭᠡᠭᠰᠢᠯᠡᠨ᠎ᠡ ᠭᠡᠳᠡᠭ ᠢ ᠨᠢᠭᠡ ᠬᠡᠰᠡᠭ ᠰᠤᠳᠤᠯᠭᠠᠨ ᠲᠤᠷᠰᠢᠯᠲᠠ ᠪᠠᠷ ᠳᠠᠮᠵᠢᠨ ᠭᠡᠷᠡᠴᠢᠯᠡᠵᠦ ᠥᠩᠭᠡᠷᠡᠭᠰᠡᠨ ᠶᠤᠮ︾ ᠭᠡᠰᠡᠨ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号