︽ᠲᠠᠯ᠎ᠠ ᠶᠢᠨ ᠰᠠᠬᠢᠭᠠᠴᠢ︾ ᠶᠢᠨ ᠶᠠᠭᠠᠷᠠᠯᠲᠠᠶᠢᠬᠠᠨ ᠨᠢᠭᠡᠨ ᠡᠳᠦᠷ
ᠨᠡᠶᠢᠲᠡᠯᠡᠭᠰᠡᠨ ᠴᠠᠭ᠄
2022/11/14
        11 ᠰᠠᠷ᠎ᠠ ᠶᠢᠨ 9 ᠤ ᠦᠷᠯᠥᠭᠡ᠂ ᠤᠩᠭᠤᠨ ᠠᠭᠤᠯᠠ ᠰᠤᠮᠤᠨ ᠤ ᠠᠯᠲᠠᠨᠮᠤᠳᠤ ᠭᠠᠴᠠᠭᠠᠨ ᠤ ᠮᠠᠯᠴᠢᠨ ᠬᠠᠰᠡᠷᠳᠡᠨᠢ ᠭᠡᠷᠭᠡᠢ ᠤᠷᠠᠨᠲᠤᠭᠤᠰ ᠲᠠᠢ ᠪᠠᠨ ᠦᠷᠯᠦᠭᠡ ᠶᠢᠨ ᠠᠵᠢᠯ ᠢᠶᠠᠨ ᠡᠷᠲᠡᠯᠡᠨ ᠳᠦᠪᠬᠢᠨᠡᠬᠦᠯᠵᠤ᠂ ︽ᠲᠠᠯ᠎ᠠ ᠶᠢᠨ ᠰᠠᠬᠢᠭᠠᠴᠢ︾ ᠶᠢᠨ ᠵᠢᠵᠢᠭᠦᠷ ᠲᠤ ᠭᠠᠷᠬᠤ ᠪᠠᠷ ᠶᠠᠭᠠᠷᠠᠨ ᠪᠡᠯᠡᠳᠬᠡᠵᠥ ᠪᠠᠶᠢᠯ᠎ᠠ᠃        ᠮᠠᠯᠴᠢᠨ ᠬᠠᠰᠡᠷᠳᠡᠨᠢ ᠪᠣᠯ ᠨᠠᠮ ᠤᠨ ᠬᠡᠰᠢᠭᠦᠨ ᠪᠠᠶᠢᠵᠤ᠂ ᠲᠡᠭᠦᠨ ᠤ ᠭᠡᠷᠭᠡᠢ ᠤᠷᠠᠨᠲᠤᠭᠤᠰ ᠨᠢ ᠭᠠᠴᠠᠭᠠᠨ ᠤ ᠪᠠᠨ ᠡᠮᠡᠭᠲᠡᠶᠢᠴᠦᠳ ᠤᠨ ᠬᠤᠯᠪᠤᠭᠠᠲᠤ ᠬᠤᠷᠠᠯ ᠤᠨ ᠲᠡᠷᠢᠭᠦᠯᠡᠭᠴᠢ ᠶᠢᠨ ᠲᠤᠰᠢᠶᠠᠯ ᠢ ᠬᠠᠷᠢᠭᠤᠴᠠᠵᠤ᠂ ᠠᠶᠢᠯ ᠭᠡᠷ ᠲᠤ ᠪᠠᠨ ᠡᠶ᠎ᠡ ᠨᠠᠶᠢᠷᠲᠠᠢ ᠪᠠᠶᠢᠳᠠᠭ ᠢᠶᠠᠷ ᠪᠦᠬᠦ ᠬᠤᠰᠢᠭᠤᠨ ᠤ ︽ᠬᠠᠮᠤᠭ ᠤᠨ ᠭᠤᠶᠤ ᠭᠡᠷ ᠪᠦᠯᠢ︾ ᠪᠠᠷ ᠰᠤᠩᠭᠤᠭᠳᠠᠭᠰᠠᠨ ᠢᠶᠠᠷ ᠪᠠᠷᠠᠬᠤ ᠦᠭᠡᠢ᠂ ᠭᠤᠷᠪᠠᠨ ᠵᠠᠭᠤ ᠭᠠᠷᠤᠢ ᠴᠠᠬᠠᠷ ᠬᠤᠨᠢ ᠮᠠᠯᠵᠢᠵᠤ᠂ ᠨᠠᠷᠢᠯᠢᠭ᠂ ᠰᠢᠨᠵᠢᠯᠡᠬᠦ ᠣᠬᠠᠭᠠᠨᠴᠢ ᠪᠠᠷ ᠮᠠᠯᠵᠢᠭᠰᠠᠨ ᠢᠶᠠᠷ ᠴᠠᠬᠠᠷ ᠬᠤᠨᠢᠨ ᠤ ᠭᠤᠤᠯᠳᠠᠯᠭᠠᠲᠤ ᠰᠦᠷᠥᠭ ᠪᠠᠶᠢᠭᠤᠯᠤᠭᠰᠠᠨ ᠡᠷᠦᠬᠡ ᠪᠠᠷ ᠰᠤᠩᠭᠤᠭᠳᠠᠵᠤ᠂ ᠲᠡᠷᠡᠴᠢᠯᠡᠨ ᠵᠢᠯ ᠪᠣᠯᠭᠠᠨ ᠤ ᠴᠠᠬᠠᠷ ᠬᠤᠨᠢᠨ ᠤ ᠦᠵᠡᠭᠦᠯᠭᠡ ᠶᠢᠨ ᠤᠷᠣᠯᠳᠤᠭᠠᠨ ᠳᠤ ᠤᠷᠤᠯᠴᠠᠵᠤ᠂ ᠣᠯᠠᠨ ᠤᠳᠠᠭ᠎ᠠ ᠲᠡᠷᠢᠭᠦᠨ᠂ ᠳᠡᠳ᠋ ᠳᠤ ᠰᠢᠯᠭᠠᠷᠠᠵᠤ᠂ ᠬᠦᠮᠦᠰ ᠤᠨ ᠮᠠᠭᠲᠠᠭᠠᠯ ᠰᠠᠶᠢᠰᠢᠶᠠᠯ ᠢ ᠤᠯᠣᠭᠰᠠᠭᠠᠷ ᠢᠷᠡᠵᠡᠢ᠃        ᠮᠠᠯᠴᠢᠨ ᠤᠷᠠᠨᠲᠤᠭᠤᠰ᠄ ︽ᠮᠠᠨ ᠤ ᠭᠠᠴᠠᠭᠠᠨ ᠤ ᠨᠠᠮ ᠤᠨ ᠬᠡᠰᠢᠭᠦᠳ᠂ ᠰᠠᠶᠢᠨ ᠳᠤᠷᠠᠴᠢᠳ ︿ᠲᠠᠯ᠎ᠠ ᠶᠢᠨ ᠰᠠᠬᠢᠭᠠᠴᠢ﹀ ᠪᠠᠷ ᠵᠢᠵᠢᠭᠦᠷᠯᠡᠭᠡᠳ ᠰᠠᠷ᠎ᠠ ᠢᠯᠡᠭᠦᠦ ᠪᠣᠯᠵᠤ ᠪᠠᠶᠢᠨ᠎ᠠ︔ ᠪᠢ ᠡᠮᠡᠭᠲᠡᠶᠢᠴᠦᠳ ᠤᠨ ᠬᠤᠯᠪᠤᠭᠠᠲᠤ ᠬᠤᠷᠠᠯ ᠤᠨ ᠲᠡᠷᠢᠭᠦᠯᠡᠭᠴᠢ ᠪᠣᠯᠤᠭᠰᠠᠨ ᠤ ᠬᠤᠪᠢ ᠳᠤ ᠵᠢᠵᠢᠭᠦᠷ ᠤᠨ ᠠᠵᠢᠯ ᠢᠶᠠᠨ ᠰᠠᠶᠢᠳᠤᠷ ᠪᠡᠶᠡᠯᠡᠭᠦᠯᠬᠦ ᠳᠤ ᠢᠲᠡᠬᠡᠯᠲᠡᠢ ᠪᠠᠶᠢᠨ᠎ᠠ︾ ᠭᠡᠵᠦ ᠪᠠᠶᠢᠯ᠎ᠠ᠃        ᠤᠶᠢᠯᠠᠭᠠᠭᠰᠠᠨ ᠢᠶᠠᠷ᠂ 10 ᠰᠠᠷ᠎ᠠ ᠶᠢᠨ 9 ᠤ ᠡᠳᠦᠷ ᠠᠴᠠ ᠡᠬᠢᠯᠡᠵᠥ᠂ ᠤᠩᠭᠤᠨ ᠠᠭᠤᠯᠠ ᠰᠤᠮᠣ ᠨᠢ ᠲᠣᠰ ᠲᠣᠰ ᠪᠠᠶᠠᠨᠴᠠᠭᠠᠨᠨᠠᠭᠤᠷ ︽ᠲᠠᠯ᠎ᠠ ᠶᠢᠨ ᠰᠠᠬᠢᠭᠠᠴᠢ︾ ᠶᠢᠨ ᠠᠵᠢᠯᠯᠠᠬᠤ ᠴᠡᠭ᠂ ᠶᠡᠬᠡᠠ᠋ᠭᠤᠯᠠ ︽ᠲᠠᠯ᠎ᠠ ᠶᠢᠨ ᠰᠠᠬᠢᠭᠠᠴᠢ︾ ᠶᠢᠨ ᠠᠵᠢᠯᠯᠠᠬᠤ ᠴᠡᠭ ᠢ ᠲᠤᠬᠢᠷᠠᠭᠤᠯᠵᠤ᠂ ᠪᠤᠰᠤᠳ ᠭᠠᠵᠠᠷ ᠠᠴᠠ ᠢᠷᠡᠬᠦ ᠲᠡᠷᠭᠡ ᠣᠨᠤᠭ᠎ᠠ ᠶᠢ ᠪᠠᠶᠢᠴᠠᠭᠠᠵᠤ᠂ ᠬᠤᠰᠢᠭᠤᠨ ᠤ ᠪᠠᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠳᠤ ᠬᠦᠴᠦᠨ ᠢᠶᠠᠨ ᠡᠷᠭᠦᠵᠥ ᠪᠠᠶᠢᠨ᠎ᠠ᠃       ᠤᠩᠭᠤᠨ ᠠᠭᠤᠯᠠ ᠰᠤᠮᠤᠨ ᠤ ᠨᠠᠮ ᠤᠨ ᠬᠤᠷᠢᠶᠠᠨ ᠤᠨ ᠳᠡᠳ᠋ ᠱᠦᠵᠢ᠂ ᠰᠤᠮᠤᠨ ᠳᠠᠷᠤᠭ᠎ᠠ ᠠᠰᠬᠠᠨ᠄ ︽ᠬᠢᠵᠢᠭ ᠤᠨ ᠪᠠᠶᠢᠳᠠᠯ ᠠᠴᠠ ᠪᠣᠯᠵᠤ᠂ ᠮᠠᠨ ᠤ ᠰᠤᠮᠤ ᠨᠢ ᠬᠤᠰᠢᠭᠤᠨ ᠤ ᠵᠢᠭᠠᠪᠤᠷᠢ ᠪᠠᠷ ᠬᠤᠶᠠᠷ ᠰᠠᠬᠢᠭᠠᠴᠢ ᠶᠢᠨ ᠠᠵᠢᠯᠯᠠᠬᠤ ᠴᠡᠭ ᠭᠠᠷᠭᠠᠵᠤ᠂ ᠠᠵᠢᠯᠯᠠᠬᠤ ᠴᠡᠭ ᠤᠨ ᠠᠵᠢᠯᠲᠠᠨ ᠨᠢ 18 ᠭᠠᠴᠠᠭᠠᠨ ᠤ ᠨᠠᠮ ᠤᠨ ᠡᠭᠦᠷ ᠵᠦᠪᠯᠡᠯ ᠤᠨ ᠬᠡᠰᠢᠭᠦᠨ᠂ ᠨᠠᠮ ᠤᠨ ᠭᠤᠣᠯᠳᠠᠯᠭᠠᠲᠤ ᠡᠷᠦᠬᠡ᠂ ᠮᠠᠯᠴᠢᠨ ᠰᠠᠶᠢᠨ ᠳᠤᠷᠠᠴᠢᠳ᠂ ᠭᠠᠴᠠᠭᠠᠨ ᠳᠤ ᠪᠠᠭᠤᠭᠰᠠᠨ ᠺᠠᠲᠠᠷ ᠢᠶᠠᠷ ᠪᠦᠷᠢᠯᠳᠦᠵᠥ᠂ ᠰᠢᠯᠤᠭᠤᠨ ᠬᠥᠬᠡ ᠬᠤᠰᠢᠭᠤ᠂ ᠵᠡᠭᠦᠨ ᠰᠦᠨᠢᠳ ᠬᠤᠰᠢᠭᠤ ᠵᠡᠷᠭᠡ ᠭᠠᠵᠠᠷ ᠠᠴᠠ ᠢᠷᠡᠭᠰᠡᠨ ᠬᠦᠮᠦᠰ ᠤᠨ ᠡᠷᠡᠭᠦᠯ ᠮᠡᠨᠳᠦ ᠶᠢᠨ ᠺᠤᠳ᠋᠂ ᠠᠶᠠᠯᠠᠯ ᠤᠨ ᠺᠤᠳ᠋ ᠵᠡᠷᠭᠡ ᠶᠢ ᠪᠦᠬᠦᠨ ᠢ ᠨᠠᠷᠢᠨ ᠪᠠᠶᠢᠴᠠᠭᠠᠵᠤ ᠪᠠᠶᠢᠨ᠎ᠠ ︾ ᠭᠡᠯ᠎ᠡ᠃       ᠬᠤᠶᠠᠷ ᠬᠤᠳᠳᠤᠭ ᠭᠠᠴᠠᠭᠠᠨ ᠤ ᠨᠠᠮ ᠤᠨ ᠡᠭᠦᠷ ᠤᠨ ᠱᠦᠵᠢ ᠴᠣᠯᠮᠤᠨ ᠪᠣᠯ ᠶᠡᠬᠡᠠ᠋ᠭᠤᠯᠠ ︽ᠲᠠᠯ᠎ᠠ ᠶᠢᠨ ᠰᠠᠬᠢᠭᠠᠴᠢ︾ ᠠᠵᠢᠯᠯᠠᠬᠤ ᠴᠡᠭ ᠤᠨ ᠨᠢᠭᠡᠨ ᠬᠡᠰᠢᠭᠦᠨ ᠪᠤᠯᠤᠨ᠎ᠠ᠂ ᠲᠡᠷᠡ ᠠᠵᠢᠯᠯᠠᠬᠤ ᠴᠡᠭ ᠢᠶᠠᠷ ᠦᠩᠭᠡᠷᠡᠬᠦ ᠲᠡᠷᠭᠡ ᠶᠢ ᠨᠠᠷᠢᠯᠢᠭ ᠲᠡᠮᠳᠡᠭᠯᠡᠵᠥ᠂ ᠵᠢᠵᠢᠭᠦᠷ ᠤᠨ ᠠᠵᠢᠯ ᠢᠶᠠᠨ ᠤᠰᠤᠯᠳᠠᠯ ᠦᠭᠡᠢ ᠬᠢᠵᠥ ᠪᠠᠶᠢᠯ᠎ᠠ᠃ ᠮᠠᠯᠴᠢᠨ ᠴᠣᠯᠮᠤᠨ᠄ ︽ᠦᠨᠦᠳᠦᠷ ᠮᠠᠨ ᠤ ᠬᠤᠶᠠᠷ ᠬᠤᠳᠳᠤᠭ ᠭᠠᠴᠠᠭ᠎ᠠ ᠨᠢ ᠶᠡᠬᠡᠠ᠋ᠭᠤᠯᠠ ᠠᠵᠢᠯᠯᠠᠬᠤ ᠴᠡᠭ ᠤᠨ ᠰᠢᠯᠤᠭᠤᠨ ᠴᠠᠭᠠᠨ ᠲᠠᠢ ᠵᠠᠯᠭᠠᠵᠤ ᠪᠠᠶᠢᠭ᠎ᠠ ︿ᠲᠠᠯ᠎ᠠ ᠶᠢᠨ ᠰᠠᠬᠢᠭᠠᠴᠢ﹀ ᠶᠢᠨ ᠴᠡᠭ ᠳᠡᠭᠡᠷ᠎ᠡ ᠵᠢᠵᠢᠭᠦᠷᠯᠡᠵᠦ ᠪᠠᠶᠢᠨ᠎ᠠ︔ ᠮᠠᠨ ᠤ 18 ᠭᠠᠴᠠᠭ᠎ᠠ ᠨᠢ ᠡᠨᠡ ᠬᠤᠶᠠᠷ ᠴᠡᠭ ᠳᠡᠭᠡᠷ᠎ᠡ ᠪᠠᠨ ᠨᠠᠢᠮᠠ ᠨᠠᠢᠮᠠᠨ ᠬᠤᠨᠤᠭ ᠢᠶᠠᠷ ᠡᠭᠡᠯᠵᠢᠵᠦ᠂ 24 ᠴᠠᠭ ᠢᠶᠠᠷ ᠵᠢᠵᠢᠭᠦᠷᠯᠡᠨ᠂ ᠳᠦᠭᠦᠮ ᠬᠤᠭᠤᠯᠠ ᠪᠤᠶᠤ ᠭᠠᠴᠠᠭᠠᠨ ᠤ ᠮᠠᠯᠴᠢᠳ ᠤᠨ ᠬᠦᠷᠭᠡᠵᠥ ᠢᠷᠡᠭᠰᠡᠨ ᠬᠤᠭᠤᠯᠠ ᠪᠠᠷ ᠬᠦᠨᠡᠰᠦ ᠬᠢᠵᠤ᠂ ᠨᠡᠭᠦᠷᠡᠰᠦ ᠲᠦᠯᠡᠭᠡ ᠪᠡᠯᠡᠨ ᠪᠤᠯᠬᠤᠷ ᠰᠦᠨᠢ ᠶᠢᠨ ᠵᠢᠵᠢᠭᠦᠷ ᠴᠤ ᠶᠡᠭᠡ ᠳᠤᠯᠠᠭᠠᠨ ᠪᠠᠶᠢᠳᠠᠭ︾ ᠭᠡᠵᠦ ᠶᠠᠷᠢᠵᠤ ᠪᠠᠶᠢᠯ᠎ᠠ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号