ᠬᠤᠤᠷᠲᠤ ᠡᠳ᠋ ᠢ ᠤᠷᠢᠳᠴᠢᠯᠠᠨ ᠰᠡᠷᠭᠡᠶᠢᠯᠡᠬᠦ ᠬᠥᠮᠦᠵᠢᠯ ᠤᠨ ᠠᠵᠢᠯ ᠢ ᠰᠠᠶᠢᠲᠤᠷ ᠬᠢᠵᠦ᠂ ᠰᠠᠭᠤᠭᠠᠯᠢ ᠠᠷᠠᠳ | ᠲᠤ ᠬᠤᠤᠷᠲᠤ ᠡᠳ᠋ ᠤᠨ ᠬᠥᠨᠥᠭᠡᠯ ᠢ ᠭᠦᠨᠵᠡᠭᠡᠶ ᠤᠶᠢᠯᠠᠭᠠᠭᠤᠯᠬᠤ ᠶᠢᠨ ᠲᠥᠯᠥᠭᠡ᠂ 10 ᠰᠠᠷ᠎ᠠ ᠶᠢᠨ 27 ᠤ ᠡᠳᠦᠷ᠂ | ᠬᠥᠪᠡᠭᠡᠲᠦ ᠰᠢᠷ᠎ᠠ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠬᠤᠤᠷᠲᠤ ᠡᠳ᠋ ᠢ ᠴᠠᠭᠠᠵᠠᠯᠠᠬᠤ | ᠶᠡᠭᠡ ᠠᠩᠭᠢ ᠨᠢ ᠰᠢᠨᠡᠪᠤᠯᠠᠭ ᠪᠠᠯᠭᠠᠰᠤᠨ ᠤ ᠬᠠᠰᠢᠶᠠᠲᠤ ᠨᠡᠶᠢᠭᠡᠮ ᠲᠣᠭᠤᠷᠢᠭ ᠤᠨ ᠰᠠᠶᠢᠨ ᠳᠤᠷᠠᠴᠢᠳ ᠢ ᠵᠣᠬᠢᠶᠠᠨ | ᠪᠠᠶᠢᠭᠤᠯᠵᠤ ︽ᠬᠤᠤᠷᠲᠤ ᠡᠳ᠋ ᠢ ᠨᠡᠶᠢᠭᠡᠮ ᠲᠣᠭᠤᠷᠢᠭ ᠲᠤ ᠣᠷᠣᠭᠤᠯᠬᠤ ᠥᠬᠡᠶ︾ ᠭᠡᠬᠦ ᠰᠡᠳᠥᠪᠳᠥ | ᠤᠬᠠᠭᠤᠯᠭ᠎ᠠ ᠶᠢᠨ ᠠᠵᠢᠯᠯᠠᠭ᠎ᠠ ᠥᠷᠨᠢᠭᠦᠯᠪᠡ᠃ | ᠠᠵᠢᠯᠯᠠᠭ᠎ᠠ ᠳᠤᠮᠳᠠ᠂ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠬᠤᠤᠷᠲᠤ ᠡᠳ᠋ ᠢ | ᠴᠠᠭᠠᠵᠠᠯᠠᠬᠤ ᠶᠡᠭᠡ ᠠᠩᠭᠢ ᠶᠢᠨ ᠠᠵᠢᠯᠲᠠᠨ ᠪᠠ ᠬᠠᠰᠢᠶᠠᠲᠤ ᠨᠡᠶᠢᠭᠡᠮ ᠲᠣᠭᠤᠷᠢᠭ ᠤᠨ ᠰᠠᠶᠢᠨ ᠳᠤᠷᠠᠴᠢᠳ ᠨᠡᠶᠢᠭᠡᠮ | ᠲᠣᠭᠤᠷᠢᠭ ᠤᠨ ᠰᠠᠭᠤᠭᠠᠯᠢ ᠠᠷᠠᠳ ᠲᠤ ᠬᠤᠤᠷᠲᠤ ᠡᠳ᠋ ᠢ ᠴᠠᠭᠠᠵᠠᠯᠠᠬᠤ ᠤᠬᠠᠭᠤᠯᠭ᠎ᠠ ᠶᠢᠨ ᠭᠠᠷ ᠳᠡᠪᠲᠡᠷ | ᠲᠠᠷᠬᠠᠭᠠᠭᠰᠠᠨ ᠪᠥᠭᠡᠳ ᠰᠢᠨ᠎ᠡ ᠬᠡᠯᠪᠡᠷᠢ ᠶᠢᠨ ᠬᠤᠤᠷᠲᠤ ᠡᠳ᠋ ᠤᠨ ᠬᠤᠤᠷ ᠬᠥᠨᠥᠭᠡᠯ᠂ ᠣᠨᠴᠠᠯᠢᠭ ᠰᠢᠨᠵᠢ ᠵᠢᠴᠢ | ᠬᠡᠷᠬᠢᠨ ᠰᠡᠷᠭᠡᠶᠢᠯᠡᠬᠦ ᠵᠡᠷᠭᠡ ᠬᠠᠮᠢᠶ᠎ᠠ ᠪᠥᠬᠦᠶ ᠮᠡᠳᠡᠯᠭᠡ ᠶᠢ ᠲᠠᠶᠢᠯᠪᠤᠷᠢᠯᠠᠠ ᠶᠠᠷᠢᠵᠤ᠂ ᠣᠯᠠᠨ ᠢ ᠬᠥᠲᠥᠯᠥᠨ | ᠵᠢᠯᠣᠭᠤᠳᠴᠤ᠂ ᠬᠠᠭᠤᠴᠢᠨ ᠬᠡᠯᠪᠡᠷᠢ ᠶᠢᠨ ᠬᠤᠤᠷᠲᠤ ᠡᠳ᠋ ᠪᠠ ᠰᠢᠨ᠎ᠡ ᠬᠡᠯᠪᠡᠷᠢ ᠶᠢᠨ ᠬᠤᠤᠷᠲᠤ ᠡᠳ᠋ ᠤᠨ | ᠢᠯᠭᠠᠭ᠎ᠠ ᠶᠢ ᠳᠤᠳᠤᠷᠬᠠᠶᠢᠯᠠᠪᠠ᠃ | ᠬᠥᠪᠡᠭᠡᠲᠦ ᠰᠢᠷ᠎ᠠ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠡᠷᠡᠭᠦᠦ ᠶᠢᠨ ᠳᠡᠩᠨᠡᠨ | ᠪᠠᠶᠢᠴᠠᠭᠠᠬᠤ ᠶᠡᠭᠡ ᠠᠩᠭᠢ ᠶᠢᠨ ᠳᠡᠳ᠋ ᠳᠠᠷᠤᠭ᠎ᠠ ᠵᠠᠩ ᠲᠢᠶᠠᠨ ᠼᠦᠩ ︽︿ᠬᠤᠤᠷᠲᠤ ᠡᠳ᠋ ᠢ ᠴᠠᠭᠠᠵᠠᠯᠠᠬᠤ | ᠤᠬᠠᠭᠤᠯᠭ᠎ᠠ ᠶᠢ ᠲᠦᠭ ᠲᠦᠮᠡᠨ ᠡᠷᠦᠬᠡ ᠳᠤ ᠬᠦᠷᠭᠡᠬᠦ﹀ ᠠᠵᠢᠯ ᠤᠨ ᠱᠠᠭᠠᠷᠳᠠᠯᠭ᠎ᠠ ᠶᠢ ᠭᠦᠨᠵᠡᠭᠡᠶ ᠲᠤᠤᠱᠯᠠᠭᠤᠯᠤᠨ | ᠨᠠᠶᠢᠳᠠᠪᠤᠷᠢᠵᠢᠭᠤᠯᠵᠤ᠂ ᠬᠤᠤᠷᠲᠤ ᠡᠳ᠋ ᠢ ᠴᠠᠭᠠᠵᠠᠯᠠᠬᠤ ᠤᠬᠠᠭᠤᠯᠭ᠎ᠠ ᠶᠢᠨ ᠭᠦᠨ ᠵᠤᠵᠠᠭᠠᠨ ᠠᠭᠤᠷ ᠠᠮᠢᠰᠬᠤᠯ ᠢ | ᠤᠯᠠᠮ ᠨᠢᠭᠡ ᠠᠯᠬᠤᠮ ᠪᠣᠶ ᠪᠣᠯᠭᠠᠵᠤ᠂ ᠬᠤᠤᠷᠲᠤ ᠡᠳ᠋ ᠢ ᠴᠠᠭᠠᠵᠠᠯᠠᠬᠤ ᠬᠥᠮᠦᠵᠢᠯ ᠤᠨ ᠤᠬᠠᠭᠤᠯᠭ᠎ᠠ ᠶᠢᠨ | ᠡᠷᠴᠢᠮ ᠢᠶᠠᠨ ᠴᠢᠩᠭᠠᠷᠠᠭᠤᠯᠵᠤ᠂ ᠰᠠᠭᠤᠭᠠᠯᠢ ᠠᠷᠠᠳ ᠤᠨ ᠬᠤᠤᠷᠲᠤ ᠡᠳ᠋ ᠢ ᠡᠰᠡᠷᠭᠦᠴᠡᠨ ᠰᠡᠷᠭᠡᠶᠢᠯᠡᠬᠦ ᠤᠬᠠᠮᠰᠠᠷ ᠢ | ᠴᠢᠩᠭᠠᠳᠬᠠᠬᠤ ᠶᠢᠨ ᠲᠥᠯᠥᠭᠡ᠂ ᠡᠨᠡ ᠵᠢᠯ ᠮᠠᠨ ᠤ ᠶᠡᠭᠡ ᠠᠩᠭᠢ ᠪᠥᠬᠦ ᠬᠤᠰᠢᠭᠤᠨ ᠳᠤ ᠡᠯ᠎ᠡ ᠲᠥᠷᠥᠯ ᠤᠨ | ᠬᠤᠤᠷᠲᠤ ᠡᠳ᠋ ᠢ ᠴᠠᠭᠠᠵᠠᠯᠠᠬᠤ ᠤᠬᠠᠭᠤᠯᠭ᠎ᠠ ᠶᠢᠨ ᠠᠵᠢᠯᠯᠠᠭ᠎ᠠ ᠶᠢ 14 ᠤᠳᠠᠭ᠎ᠠ ᠥᠷᠨᠢᠭᠦᠯᠵᠦ᠂ ᠲᠠᠷᠠᠭᠠᠴᠢ ᠶᠢᠨ | ᠠᠯᠬᠤᠮ ᠳᠤ ᠬᠤᠤᠷᠲᠤ ᠡᠳ᠋ ᠢ ᠴᠠᠭᠠᠵᠠᠯᠠᠬᠤ ᠤᠬᠠᠭᠤᠯᠭ᠎ᠠ ᠪᠠ ᠴᠣᠬᠢᠯᠲᠠ ᠥᠭᠬᠦ ᠡᠷᠴᠢᠮ ᠢᠶᠠᠨ ᠦᠷᠭᠦᠯᠵᠢᠯᠡᠨ | ᠴᠢᠩᠭᠠᠷᠠᠭᠤᠯᠵᠤ᠂ ᠮᠠᠨ ᠤ ᠬᠤᠰᠢᠭᠤᠨ ᠤ ᠰᠠᠭᠤᠭᠠᠯᠢ ᠠᠷᠠᠳ ᠤᠨ ᠬᠤᠤᠷᠲᠤ ᠡᠳ᠋ ᠢ ᠲᠠᠨᠢᠬᠤ᠂ ᠬᠤᠤᠷᠲᠤ ᠡᠳ᠋ ᠢ | ᠰᠡᠷᠭᠡᠶᠢᠯᠡᠬᠦ᠂ ᠬᠤᠤᠷᠲᠤ ᠡᠳ᠋ ᠢ ᠲᠡᠪᠴᠢᠭᠦ ᠴᠢᠳᠠᠪᠤᠷᠢ ᠶᠢ ᠲᠡᠭᠡᠭᠰᠢᠯᠡᠭᠦᠯᠥᠨ᠎ᠡ︾ ᠭᠡᠵᠤ ᠶᠠᠷᠢᠯ᠎ᠠ᠃ | ᠲᠣᠰ ᠤᠳᠠᠭᠠᠨ ᠤ ᠠᠵᠢᠯᠯᠠᠭ᠎ᠠ ᠪᠠᠷ ᠳᠠᠮᠵᠢᠭᠤᠯᠤᠨ᠂ ᠰᠢᠨ᠎ᠡ ᠬᠡᠯᠪᠡᠷᠢ ᠶᠢᠨ ᠬᠤᠤᠷᠲᠤ ᠡᠳ᠋ ᠤᠨ ᠲᠤᠬᠠᠶ | ᠣᠯᠠᠨ ᠤ ᠲᠠᠨᠢᠯᠲᠠ ᠪᠠ ᠬᠤᠤᠷᠲᠤ ᠡᠳ᠋ ᠢ ᠰᠡᠷᠭᠡᠶᠢᠯᠡᠬᠦ ᠬᠤᠤᠷᠲᠤ ᠡᠳ᠋ ᠢ ᠲᠡᠪᠴᠢᠬᠦ ᠤᠬᠠᠮᠰᠠᠷ ᠢ ᠭᠦᠨᠵᠡᠭᠡᠶᠢᠷᠡᠭᠦᠯᠵᠦ᠂ | ᠠᠮᠤᠷ ᠠᠮᠤᠭᠤᠯᠠᠩ ᠡᠶ᠎ᠡ ᠵᠣᠬᠢᠴᠠᠯ ᠲᠠᠢ ᠨᠡᠶᠢᠭᠡᠮ ᠲᠣᠭᠤᠷᠢᠭ ᠢ ᠪᠠᠶᠢᠭᠤᠯᠬᠤ ᠶᠢ ᠠᠬᠢᠭᠤᠯᠤᠭᠰᠠᠨ ᠪᠠᠶᠢᠨ᠎ᠠ᠃ |