ᠲᠤᠷᠰᠢᠯᠭ᠎ᠠ ᠬᠤᠷᠠᠮᠳᠤᠭᠤᠯᠬᠤ᠄ ᠬᠥᠮᠥᠨ ᠤ ᠠᠮᠢᠳᠤᠷᠠᠯ ᠭᠡᠭᠴᠢ ᠠᠯᠳᠠᠭ᠎ᠠ ᠣᠨᠤᠭ᠎ᠠ ᠨᠤᠭᠤᠷᠠᠯ ᠪᠦᠳᠦᠷᠡᠯ ᠢᠶᠠᠷ | ᠳᠦᠬᠦᠷᠡᠩ ᠪᠠᠶᠢᠳᠠᠭ᠂ ᠲᠡᠶᠢᠮᠤ ᠪᠣᠯᠬᠤᠷ ᠴᠦᠬᠡᠨ ᠪᠦᠳᠦᠷᠢᠬᠦ ᠬᠠᠮᠤᠭ ᠤᠨ ᠰᠠᠶᠢᠨ ᠠᠷᠭ᠎ᠠ ᠪᠣᠯ ᠳᠠᠷᠤᠢ ᠲᠠᠰᠤᠷᠠᠯᠲᠠ | ᠦᠭᠡᠢ ᠲᠤᠷᠰᠢᠯᠭ᠎ᠠ ᠬᠤᠷᠠᠮᠳᠤᠭᠤᠯᠵᠤ᠂ ᠮᠡᠳᠡᠯᠭᠡ ᠪᠠᠨ ᠨᠡᠮᠡᠭᠳᠡᠭᠦᠯᠬᠦ ᠶᠠᠪᠤᠳᠠᠯ ᠪᠣᠯᠣᠨ᠎ᠠ᠃ ᠳᠣᠰᠣᠯ ᠣᠰᠣ | ᠬᠤᠷᠠᠮᠳᠣᠵᠦ ᠳᠠᠯᠠᠢ ᠪᠤᠯᠳᠠᠭ ᠤᠨ ᠠᠳᠠᠯᠢ᠂ ᠠᠮᠵᠢᠯᠳᠠ ᠳᠤ ᠬᠦᠷᠦᠶ᠎ᠡ ᠭᠡᠪᠡᠯ ᠠᠩᠬᠠᠨ ᠤ ᠠᠯᠬᠤᠮ ᠠᠴᠠ ᠡᠬᠢᠯᠡᠨ | ᠬᠤᠷᠠᠮᠳᠠᠭᠤᠯᠬᠤ ᠯᠡ ᠴᠢᠬᠤᠯᠠ᠃ ᠲᠠᠰᠤᠷᠠᠯᠲᠠ ᠦᠭᠡᠢ ᠲᠤᠷᠰᠢᠵᠤ᠂ ᠦᠷᠢᠰᠦᠯᠳᠦᠬᠡᠨ ᠳᠤ ᠦᠪᠡᠷ ᠢ ᠪᠠᠨ ᠰᠣᠷᠢᠪᠠᠯ᠂ | ᠠᠮᠢᠳᠣᠷᠠᠯ ᠴᠢᠨᠢ ᠶᠠᠪᠤᠭᠠᠨ ᠳᠠᠭᠠᠨ ᠰᠠᠶᠢᠵᠢᠷᠠᠬᠤ ᠪᠤᠯᠤᠨ᠎ᠠ᠃ | ᠨᠣᠮ ᠤᠩᠰᠢᠬᠤ᠄ ᠨᠣᠮ ᠤᠩᠰᠢᠬᠤ ᠳᠠᠳᠬᠠᠯ ᠲᠠᠢ ᠪᠣᠯᠬᠤ ᠨᠢ ᠥᠪᠡᠷ ᠢ ᠪᠠᠨ ᠪᠠᠶᠢᠩᠭᠤ ᠮᠡᠳᠡᠯᠭᠡᠵᠢᠭᠦᠯᠵᠦ | ᠪᠠᠶᠢᠭ᠎ᠠ ᠶᠠᠪᠤᠳᠠᠯ ᠪᠣᠯᠣᠨ᠎ᠠ᠃ ᠢᠯᠠᠩᠭᠤᠶ᠎ᠠ ᠨᠡᠶᠢᠬᠡᠮ ᠳᠡᠭᠡᠷ᠎ᠡ ᠭᠠᠷᠴᠦ ᠠᠵᠢᠯᠯᠠᠭᠰᠠᠨ ᠤ ᠳᠠᠷᠠᠭ᠎ᠠ᠂ ᠨᠣᠮ ᠤᠩᠰᠢᠬᠤ | ᠨᠢ ᠰᠢᠯᠭᠠᠯᠲᠠ ᠶᠢ ᠠᠷᠭᠠᠴᠠᠭᠠᠬᠤ ᠪᠢᠰᠢ᠂ ᠬᠠᠷᠢᠨ ᠮᠡᠳᠡᠯᠬᠡ ᠪᠠᠨ ᠳᠡᠯᠡᠵᠦ᠂ ᠴᠢᠳᠠᠪᠤᠷᠢ ᠪᠠᠨ ᠳᠡᠭᠡᠭᠰᠢᠯᠡᠬᠦᠯᠬᠦ ᠶᠢᠨ | ᠲᠥᠯᠥᠭᠡ ᠪᠠᠶᠢᠳᠠᠭ᠃ ᠮᠢᠩᠭᠠᠨ ᠮᠠᠯ ᠲᠠᠢ ᠶᠠᠪᠤᠬᠤ ᠠᠴᠠ ᠮᠢᠩᠭᠠᠨ ᠨᠤᠮ ᠤᠩᠰᠢᠵᠤ ᠶᠠᠪᠤ ᠬᠡᠳᠡᠭ᠃ | ᠵᠣᠷᠢᠭ ᠢᠶᠠᠨ ᠳᠠᠶᠢᠴᠢᠯᠠᠬᠤ᠄ ᠤᠷᠲᠤ ᠬᠤᠭᠤᠴᠠᠭ᠎ᠠ ᠪᠠᠷ ᠠᠩᠬᠠᠷᠤᠯ ᠢᠶᠠᠨ ᠳᠦᠪᠯᠡᠷᠡᠬᠦᠯᠵᠦ ᠴᠢᠳᠠᠳᠠᠭ ᠦᠬᠡᠢ | ᠨᠢ ᠤᠳᠤ ᠶᠢᠨ ᠬᠦᠮᠦᠰ ᠲᠤ ᠲᠤᠯᠭᠠᠷᠠᠵᠤ ᠪᠠᠶᠢᠭ᠎ᠠ ᠨᠡᠶᠢᠳᠡᠮ ᠤᠨ ᠠᠰᠠᠭᠤᠳᠠᠯ ᠤᠨ ᠨᠢᠬᠡ ᠪᠣᠯᠵᠠᠢ᠃ ᠬᠢᠬᠦ ᠵᠤᠶᠢᠯ | ᠮᠠᠰᠢ ᠣᠯᠠᠨ ᠪᠠᠶᠢᠭ᠎ᠠ ᠪᠣᠯᠪᠠᠴᠤ ᠬᠠᠶᠢᠩᠭᠤ ᠬᠠᠨᠳᠣᠬᠰᠠᠨ ᠠᠴᠠ ᠪᠤᠯᠵᠦ ᠦᠷ᠎ᠡ ᠪᠦᠲᠦᠮᠵᠢ ᠣᠯᠳᠠᠭ ᠦᠭᠡᠢ᠃ ᠡᠶᠢᠮᠦ | ᠪᠤᠯᠬᠤᠷ ᠬᠢᠶ᠎ᠡ ᠬᠡᠵᠦ ᠪᠤᠳᠣᠬᠰᠠᠨ ᠵᠣᠶᠢᠯ ᠳᠡᠭᠡᠷ᠎ᠡ ᠪᠠᠨ ᠪᠦᠬᠦ ᠰᠡᠳᠬᠢᠯ ᠵᠢᠷᠦᠬᠡ ᠪᠠᠨ ᠳᠠᠶᠢᠴᠢᠯᠠᠬᠤ ᠬᠡᠷᠡᠭᠳᠡᠢ᠃ | ᠵᠤᠷᠢᠭ ᠪᠠᠶᠢᠪᠠᠯ ᠵᠤᠷᠢᠬᠰᠠᠨ ᠳᠠᠭᠠᠨ ᠬᠦᠷᠦᠨ᠎ᠡ ᠬᠡᠳᠡᠭ ᠪᠢᠰᠢᠦ᠃ | ᠠᠮᠢᠳᠣᠷᠠᠯ ᠢ ᠮᠡᠳᠡᠷᠡᠬᠦ᠄ ᠬᠥᠮᠥᠨ ᠬᠡᠴᠢᠨᠡᠨ ᠠᠭᠤᠷᠯᠠᠵᠦ ᠪᠤᠬᠢᠨᠢᠳᠣᠬᠰᠠᠨ ᠴᠤ᠂ ᠨᠢᠭᠡᠨᠲᠡ ᠡᠭᠦᠰᠦᠭᠰᠡᠨ | ᠤᠴᠢᠷ ᠢ ᠬᠤᠪᠢᠷᠠᠭᠤᠯᠵᠤ ᠴᠢᠳᠠᠬᠤ ᠦᠭᠡᠢ ᠣᠴᠢᠷ ᠠᠴᠠ᠂ ᠰᠡᠳᠬᠢᠯ ᠢᠶᠠᠨ ᠵᠠᠰᠠᠵᠦ ᠪᠤᠬᠢᠨᠢᠳᠣᠯ ᠠᠴᠠ ᠪᠠᠨ ᠭᠠᠷᠬᠤ | ᠭᠡᠷᠡᠭᠳᠡᠢ᠃ ᠤᠷᠮᠠᠮᠠᠭᠤᠲᠠᠢ ᠪᠠᠶᠢᠭ᠎ᠠ ᠦᠶ᠎ᠡ ᠳᠡᠭᠡᠨ ᠳᠣᠷᠠᠳᠠᠢ ᠶᠠᠭᠤᠮ᠎ᠠ ᠪᠠᠨ ᠢᠳᠡᠵᠦ᠂ ᠬᠠᠶᠠ ᠨᠢᠬᠡ ᠺᠢᠨᠣ᠋ ᠦᠵᠡᠵᠦ᠂ | ᠲᠠᠮᠢᠷ ᠤᠨ ᠬᠥᠳᠡᠯᠭᠡᠭᠡᠨ ᠳᠤ ᠣᠷᠣᠯᠴᠠᠨ᠂ ᠭᠡᠷ ᠳᠡᠷᠬᠡ ᠪᠠᠨ ᠴᠡᠪᠡᠷᠯᠡᠬᠦ ᠬᠡᠬᠦ ᠪᠠᠷ ᠠᠩᠬᠠᠷᠣᠯ ᠢᠶᠠᠨ ᠦᠭᠡᠷ᠎ᠡ ᠵᠣᠶᠢᠯ | ᠣᠷᠣᠭᠤ ᠰᠢᠯᠵᠢᠬᠦᠯᠵᠦ ᠪᠠᠶᠢᠭᠠᠳ ᠰᠡᠳᠬᠢᠯ ᠤᠨ ᠪᠤᠬᠢᠨᠢᠳᠣᠯ ᠢᠶᠠᠨ ᠲᠠᠶᠢᠯᠵᠤ ᠪᠤᠯᠳᠠᠭ᠃ ᠢᠩᠬᠢᠪᠡᠯ ᠰᠠᠶ᠋ᠢ ᠠᠮᠢᠳᠤᠷᠠᠯ | ᠤᠨ ᠰᠠᠶᠢᠨ ᠰᠠᠶᠢᠬᠠᠨ ᠢ ᠮᠡᠳᠡᠷᠡᠵᠦ ᠴᠢᠳᠠᠨ᠎ᠠ᠃ ᠠᠮᠢᠳᠣᠷᠠᠯ ᠳᠤ ᠪᠠᠶᠠᠷ ᠪᠠᠶᠠᠰᠬᠤᠯᠠᠩ ᠢᠨᠢᠶᠡᠳᠦ ᠬᠦᠷ ᠠᠴᠠ ᠦᠭᠡᠷ᠎ᠡ | ᠶᠡᠭᠤ ᠬᠡᠷᠡᠭᠳᠡᠢ ᠪᠢᠯᠡᠳᠠ︕ | ᠬᠦᠳᠡᠯᠬᠡᠬᠡᠨ ᠬᠢᠬᠦ᠄ ᠵᠠᠪᠠᠯ ᠪᠡᠶ᠎ᠡ ᠪᠣᠯᠪᠠᠰᠤᠷᠠᠭᠤᠯᠬᠤ ᠭᠠᠵᠠᠷ ᠲᠤ ᠣᠴᠢ ᠭᠡᠰᠡᠨ ᠪᠢᠰᠢ᠂ ᠵᠠᠪ ᠯᠠ ᠭᠠᠷᠪᠠᠯ | ᠬᠡᠵᠢᠶ᠎ᠡ ᠬᠠᠮᠢᠭ᠎ᠠ ᠴᠤ ᠶᠠᠭᠠᠬᠢᠬᠤᠪ᠂ ᠪᠡᠶ᠎ᠡ ᠮᠠᠬᠠᠪᠤᠤᠨ ᠢᠶᠠᠨ ᠪᠤᠯᠪᠠᠰᠤᠷᠠᠭᠤᠯᠵᠤ ᠪᠠᠢ᠃ ᠲᠠᠺᠰᠢ ᠳᠤ ᠰᠠᠭᠤᠬᠤ ᠶᠢᠨ | ᠣᠷᠣᠨ ᠳᠤ ᠬᠠᠶᠠ ᠪᠠᠰᠠ ᠳᠤᠭᠤᠢ ᠣᠨᠣᠵᠦ᠂ ᠭᠡᠷ ᠲᠡᠭᠡᠨ ᠣᠷᠣᠬᠤ ᠳᠠᠭᠠᠨ ᠴᠠᠬᠢᠯᠭᠠᠨ ᠱᠠᠲᠤᠨ ᠳᠤ ᠪᠢᠰᠢ ᠬᠠᠶᠠ | ᠱᠠᠳᠦ ᠠᠪᠠᠷᠢᠵᠤ᠂ ᠬᠥᠯᠥᠰᠦ ᠪᠠᠨ ᠭᠠᠷᠭᠠᠵᠦ ᠪᠠᠶᠢᠪᠠᠯ ᠰᠠᠶᠢᠨ᠃ ᠪᠠᠷᠢᠮᠳᠠᠯᠠᠭᠠᠳ ᠪᠠᠶᠢᠪᠠᠯ ᠪᠡᠶᠡᠨ ᠳᠤ ᠴᠢᠨᠢ | ᠬᠤᠪᠢᠷᠠᠯᠳᠠ ᠭᠠᠷᠬᠤ ᠶᠤᠮ᠃ ᠬᠦᠮᠦᠨ ᠬᠦᠭᠰᠢᠷᠡᠵᠦ ᠦᠬᠦᠬᠦ ᠦᠬᠡᠢ ᠬᠦᠰᠢᠵᠦ ᠦᠬᠦᠨ᠎ᠡ ᠬᠡᠳᠡᠭ ᠪᠢᠰᠢᠦ᠃ | ᠳᠠᠳᠬᠠᠯ ᠢᠶᠠᠨ ᠪᠠᠷᠢᠮᠲᠠᠯᠠᠬᠤ᠄ ᠰᠠᠶᠢᠨ ᠰᠠᠶᠢᠬᠠᠨ ᠠᠮᠢᠳᠣᠷᠠᠯ ᠤᠨ ᠳᠠᠳᠬᠠᠯ ᠢᠶᠠᠨ ᠪᠠᠷᠢᠮᠲᠠᠯᠠᠬᠤ ᠨᠢ ᠰᠠᠶ᠋ᠢ | ᠬᠠᠮᠤᠭ ᠤᠨᠴᠢᠬᠤᠯᠠ ᠪᠠᠶᠢᠳᠠᠭ᠃ ᠶᠢᠷᠲᠢᠨᠴᠦ ᠳᠡᠭᠡᠷ᠎ᠡ ᠴᠢᠷᠮᠠᠶᠢᠯᠭ᠎ᠠ ᠬᠤᠭᠤᠰᠳᠠᠬᠤ ᠶᠤᠰᠣ ᠦᠭᠡᠢ᠂ ᠡᠳᠡᠭᠡᠷ ᠰᠠᠶᠢᠨ | ᠰᠠᠶᠢᠬᠠᠨ ᠳᠠᠳᠬᠠᠯ ᠨᠢ ᠲᠠᠨ ᠢ ᠰᠢᠭᠤᠳ ᠠᠮᠵᠢᠯᠲᠠ ᠳᠤ ᠬᠦᠷᠭᠡᠳᠡᠭ ᠦᠬᠡᠢ ᠴᠦ ᠭᠡᠰᠡᠨ ᠮᠦᠷᠦᠬᠡᠳᠦᠯ ᠲᠡᠮᠡᠦᠯᠦᠯ | ᠳᠡᠭᠡᠨ ᠬᠦᠷᠬᠦ ᠳᠤ ᠴᠢᠨᠢ ᠳᠣᠰᠠᠯᠠᠳᠠᠭ᠃ ᠴᠢᠷᠮᠠᠶᠢᠯᠭ᠎ᠠ ᠬᠦᠮᠦᠨ ᠢ ᠭᠤᠮᠤᠳᠠᠭᠠᠳᠠᠭ ᠦᠬᠡᠢ ᠬᠡᠳᠡᠭ ᠪᠢᠵᠡ ᠳ᠋ᠡ︕ |