ᠣᠯᠠᠮᠵᠢᠯᠠᠯᠳᠣ ᠴᠠᠭᠠᠨ ᠢᠳᠡᠭᠡᠨ ᠬᠢᠬᠦ ᠮᠡᠷᠬᠡᠵᠢᠯ
ᠨᠡᠶᠢᠲᠡᠯᠡᠭᠰᠡᠨ ᠴᠠᠭ᠄
2022/12/11
     ᠬᠦᠪᠡᠬᠡᠳᠣ ᠰᠢᠷ᠎ᠡ ᠬᠤᠰᠢᠭᠤᠨ ᠤ ᠬᠤᠶᠠᠳᠣᠭᠠᠷ ᠲᠣᠮᠳᠠᠳᠣ ᠰᠣᠷᠭᠠᠭᠤᠯᠢ ᠶᠢᠨ ᠬᠦᠳᠡᠯᠮᠣᠷᠢ ᠮᠡᠷᠬᠡᠵᠢᠯ ᠤᠨ ᠰᠠᠭᠤᠷᠢᠨ ᠭᠠᠵᠡᠷ ᠲᠤ ᠬᠦᠷᠬᠦ ᠳᠤ ᠴᠠᠭᠠᠨ ᠢᠳᠡᠭᠡᠨ ᠤ ᠠᠩᠬᠢᠯᠣᠮ᠎ᠠ ᠦᠨᠣᠷ ᠬᠠᠩᠬᠤᠯᠵᠣ᠂ ᠰᠣᠷᠣᠬᠴᠢᠳ ᠴᠠᠭᠠᠨ ᠢᠳᠡᠭᠡᠨ ᠬᠢᠬᠦ ᠤᠷ᠎ᠠ ᠮᠡᠷᠭᠡᠵᠢᠯ ᠰᠤᠷᠤᠯᠴᠠᠭᠠᠳ ᠬᠦᠷ ᠬᠦᠭᠵᠢᠶᠡᠨ ᠲᠠᠢ ᠪᠠᠶᠢᠯ᠎ᠠ᠃      ᠲᠣᠰ ᠰᠣᠷᠭᠠᠭᠤᠯᠢ ᠰᠣᠷᠣᠬᠴᠢᠳ ᠤᠨ ᠢᠶᠠᠨ ᠬᠦᠳᠡᠯᠮᠣᠷᠢ ᠮᠡᠷᠬᠡᠵᠢᠯ ᠳᠤ ᠣᠷᠣᠯᠴᠠᠬᠤ ᠲᠣᠷ᠎ᠡ ᠪᠠᠬ᠎ᠠ ᠶᠢ ᠨᠢ ᠲᠡᠬᠡᠭᠰᠢᠯᠡᠬᠦᠯᠵᠣ᠂ ᠦᠨᠳᠣᠰᠣᠳᠠᠨ ᠤ ᠣᠯᠠᠮᠵᠢᠯᠯᠠᠳᠣ ᠴᠠᠭᠠᠨ ᠢᠳᠡᠭᠡᠨ ᠬᠢᠬᠦ ᠤᠷ᠎ᠠ ᠮᠡᠷᠭᠡᠵᠢᠯ ᠢ ᠣᠯᠠᠮᠵᠢᠯᠠᠬᠤ ᠡᠬᠦᠳᠠᠨ ᠠᠴᠠ ᠪᠢᠰᠢᠯᠠᠭ ᠲᠠᠷᠣᠬᠤ᠂ ᠴᠣᠷ᠎ᠡ ᠬᠢᠬᠦ ᠵᠡᠷᠬᠡ ᠴᠠᠭᠠᠨ ᠢᠳᠡᠭᠡᠨ‌‍ᠬᠢᠬᠦ ᠤᠷ᠎ᠠ ᠮᠡᠷᠭᠡᠵᠢᠯ ᠢ ᠬᠢᠴᠢᠶᠡᠯᠯᠡᠬᠦ᠂ ᠪᠤᠳᠠᠳᠠᠢ ᠬᠢᠵᠤ ᠦᠵᠡᠬᠦᠯᠬᠦ ᠠᠷᠭ᠎ᠠ ᠪᠠᠷᠢᠯ ᠢᠶᠠᠷ ᠰᠣᠷᠣᠬᠴᠢᠳ ᠲᠤ ᠵᠢᠭᠠᠵᠣ ᠦᠭᠬᠦᠭᠰᠠᠨ ᠪᠠᠶᠢᠨ᠎ᠠ᠃ ᠠᠬᠤᠢ ᠲᠠᠯᠠᠪᠠᠢ ᠳᠤ ᠪᠠᠭᠰᠢ ᠠᠴᠠ ᠵᠦᠬᠡᠬᠡᠢ ᠬᠠᠮᠣᠬᠤ ᠠᠴᠠ ᠡᠬᠢᠯᠡᠨ᠂ ᠡᠬᠡᠳᠡᠭᠰᠠᠨ ᠰᠦ ᠪᠠᠨ ᠬᠠᠯᠠᠭᠠᠬᠤ᠂ ᠰᠢᠷᠠᠰᠣ ᠢᠯᠭᠠᠷᠠᠭᠤᠯᠬᠤ᠂ ᠠᠭᠠᠷᠴᠨ ᠱᠦᠬᠦᠬᠦ ᠵᠡᠷᠬᠡ ᠶᠠᠪᠣᠴᠠ ᠶᠢ ᠬᠢᠵᠣ ᠦᠵᠡᠬᠦᠯᠣᠨ᠂ ᠰᠣᠷᠣᠬᠴᠢᠳ ᠢ ᠪᠠᠶᠠᠴᠢᠯᠡᠨ  ᠤᠷᠤᠯᠴᠠᠭᠤᠯᠵᠤ᠂ ᠰᠦ ᠰᠠᠭᠠᠯᠢ ᠶᠢᠨ ᠤᠷ᠎ᠠ ᠳᠡᠮ᠂ ᠷᠢᠳᠢ ᠰᠢᠳᠢ ᠶᠢ ᠣᠶᠢᠯᠠᠭᠠᠭᠤᠯᠵᠣ᠂ ᠰᠣᠷᠣᠬᠴᠢᠳ ᠲᠤ ᠣᠯᠠᠮᠵᠢᠯᠠᠯᠳᠣ ᠴᠠᠭᠠᠨ ᠢᠳᠡᠬᠡᠨ ᠰᠤᠶᠤᠯ ᠪᠠ ᠮᠠᠯᠵᠢᠬᠤ ᠠᠮᠢᠳᠣᠷᠠᠯ ᠤᠨ ᠰᠣᠶᠣᠯ ᠵᠠᠩᠰᠢᠯ ᠢᠶᠠᠨ ᠤᠯᠠᠮᠵᠢᠯᠠᠨ ᠦᠪᠯᠡᠬᠦ ᠶᠢ ᠰᠠᠨᠠᠭᠤᠯᠤᠭᠰᠠᠨ ᠪᠠᠶᠢᠨ᠎ᠠ᠃      ︽ᠵᠢᠷᠭᠠᠯᠳᠣ ᠪᠠᠭᠰᠢ ᠠᠴᠠ ᠪᠢᠳᠠᠨ ᠳᠤ ᠴᠠᠭᠠᠨ ᠢᠳᠡᠬᠡᠨ ᠬᠢᠬᠦ ᠠᠷᠭ᠎ᠠ ᠶᠢ ᠵᠢᠭᠠᠯ᠎ᠠ︔ ᠬᠦᠳᠠᠯᠮᠣᠷᠢ ᠶᠢᠨ ᠬᠢᠴᠢᠶᠠᠯ ᠢᠶᠠᠷ ᠣᠷᠴᠢᠨ ᠲᠣᠭᠤᠷᠢᠨ ᠢ ᠴᠡᠪᠡᠷᠯᠡᠬᠦ ᠪᠣᠶᠣ ᠢᠰᠡᠬᠡᠢ ᠣᠷᠠᠯᠠᠯ ᠬᠢᠬᠦ ᠶᠢ ᠰᠤᠷᠴᠦ ᠪᠠᠶᠢᠭᠰᠠᠨ︔ ᠦᠨᠣᠳᠣᠷ ᠠᠩᠬ᠎ᠠ ᠣᠳᠠᠭ᠎ᠠ ᠴᠠᠭᠠᠨ ᠢᠳᠡᠭᠡᠨ ᠬᠢᠬᠦ ᠶᠢ ᠰᠣᠷᠴᠣ ᠪᠠᠶᠢᠭ᠎ᠠ ᠪᠣᠯᠬᠤᠷ ᠲᠣᠩ ᠰᠣᠨᠢᠷᠬᠠᠯᠲᠠᠢ ᠰᠠᠶᠢᠬᠠᠨ ᠰᠠᠨᠠᠬᠳᠠᠬᠰᠠᠨ︔ ᠦᠪᠡᠷ ᠤᠨ ᠦᠨᠳᠣᠰᠣᠳᠠᠨ ᠤ ᠨᠡᠩ ᠤᠯᠠᠨ ᠣᠯᠠᠮᠵᠢᠯᠠᠯᠳᠣ ᠰᠠᠶᠢᠬᠠᠨ ᠵᠠᠩ ᠲᠠᠳᠬᠠᠯ ᠢ ᠬᠦᠳᠠᠯᠮᠣᠷᠢ ᠶᠢᠨ ᠬᠢᠴᠢᠶᠠᠯ ᠢᠶᠠᠨ ᠲᠡᠮᠵᠢᠨ ᠣᠯᠠᠮ ᠢᠯᠡᠬᠦᠦ ᠣᠶᠢᠯᠠᠭᠠᠵᠣ ᠮᠡᠳᠡᠬᠦ ᠶᠢ ᠬᠦᠰᠡᠵᠤ ᠪᠠᠶᠢᠨ᠎ᠠ︾ ᠭᠡᠵᠤ ᠰᠣᠷᠣᠬᠴᠢ ᠡᠷᠬᠡᠬᠤᠯᠠᠨ ᠶᠠᠷᠢᠯ᠎ᠠ᠃      ᠣᠶᠢᠯᠠᠭᠠᠬᠰᠠᠨ ᠢᠶᠠᠷ᠂ ᠮᠠᠨ ᠤ ᠬᠤᠰᠢᠭᠤᠨ ᠤ ᠲᠣᠮᠳᠠᠳᠣ ᠰᠣᠷᠭᠠᠭᠤᠯᠢ ᠨᠢ ᠰᠣᠷᠣᠬᠴᠢᠳ ᠤᠨ ᠵᠦᠪ ᠬᠦᠳᠠᠯᠮᠣᠷᠢ ᠶᠢᠨ ᠦᠷᠳᠡᠭ ᠤᠨ ᠦᠵᠠᠯᠳᠠ ᠪᠣᠯᠣᠨ ᠰᠠᠶᠢᠨ ᠰᠠᠶᠢᠬᠠᠨ ᠬᠦᠳᠠᠯᠮᠣᠷᠢ ᠶᠢᠨ ᠳᠠᠳᠬᠠᠯ ᠢ ᠬᠦᠮᠣᠵᠢᠬᠦᠯᠬᠦ ᠡᠬᠦᠳᠠᠨ ᠠᠴᠠ ᠵᠢᠭᠠᠨ ᠰᠤᠷᠭᠠᠬᠤ ᠠᠷᠭ᠎ᠠ ᠪᠠᠷᠢᠯ ᠳᠤ ᠪᠠᠨ ᠰᠢᠨ᠎ᠠ ᠶᠢ ᠡᠬᠦᠳᠴᠣ᠂ ᠬᠦᠳᠠᠯᠮᠣᠷᠢ ᠮᠡᠷᠬᠡᠵᠢᠯ ᠤᠨ ᠰᠠᠭᠤᠷᠢᠨ ᠭᠠᠵᠡᠷ ᠢ ᠪᠠᠶᠢᠭᠤᠯᠣᠨ᠂ ᠠᠯᠢ ᠤᠯᠠᠨ ᠰᠢᠯᠢᠳᠡᠭ ᠰᠤᠶᠤᠯ ᠤᠨ ᠣᠷ᠎ᠡ ᠮᠡᠷᠬᠡᠵᠢᠯ ᠢ ᠵᠢᠭᠠᠵᠣ᠂ ᠰᠣᠷᠣᠬᠴᠢᠳ ᠤᠨ ᠰᠣᠷᠣᠯᠭ᠎ᠠ ᠶᠢᠨ ᠠᠮᠢᠳᠣᠷᠠᠯ ᠢ ᠪᠠᠶᠠᠯᠢᠭᠵᠢᠭᠤᠯᠵᠤ ᠪᠠᠶᠢᠨ᠎ᠠ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号