ᠬᠤᠰᠢᠭᠤᠨ ᠤ ᠮᠤᠩᠭᠤᠯ ᠡᠮᠨᠡᠯᠭᠡ ᠶᠢᠨ ᠬᠤᠷᠢᠶ᠎ᠠ ᠨᠢ 6 ᠰᠠᠷ᠎ᠠ ᠶᠢᠨ 20 ᠤ ᠡᠳᠦᠷ ᠠᠴᠠ ᠤᠯᠠᠮᠵᠢᠯᠠᠯᠲᠤ | ᠵᠠᠰᠠᠯ ︽ᠲᠠᠪᠤᠨ ᠴᠡᠴᠡᠭ ᠤᠨ ᠷᠠᠰᠢᠶᠠᠨ ᠵᠠᠰᠠᠯ︾ ᠢ ᠡᠷᠬᠢᠯᠡᠵᠥ᠂ ᠦᠷᠭᠡᠨ ᠤᠯᠠᠨ ᠲᠦᠮᠡᠨ ᠳᠤ ᠣᠭᠢ ᠰᠠᠶᠢᠨ | ᠡᠮᠴᠢᠯᠡᠭᠡ ᠬᠠᠨᠭ᠍ᠭᠠᠵᠦ ᠪᠠᠶᠢᠨ᠎ᠠ᠃ | ᠪᠠᠶᠠᠨᠲᠠᠯ᠎ᠠ ᠪᠠᠯᠭᠠᠰᠤᠨ ᠤ ᠪᠠᠭ᠎ᠠ ᠲᠠᠪᠤᠰᠤ ᠭᠠᠴᠠᠭᠠᠨ ᠤ ᠭᠡᠰᠢᠭᠪᠡᠶᠠᠷ ᠨᠠᠰᠣᠳᠠᠨ ᠬᠤᠰᠢᠭᠤᠨ ᠤ ᠮᠣᠩᠭᠤᠯ | ᠡᠮᠨᠡᠯᠭᠡ ᠶᠢᠨ ᠬᠤᠷᠢᠶᠠᠨ ᠤ ︽ᠲᠠᠪᠤᠨ ᠴᠡᠴᠡᠭ ᠤᠨ ᠷᠠᠰᠢᠶᠠᠨ︾ ᠵᠠᠰᠠᠯ ᠡᠷᠭᠢᠯᠡᠵᠦ ᠪᠠᠶᠢᠭ᠎ᠠ ᠴᠢᠮᠡᠭᠡ ᠶᠢ ᠲᠣᠭᠤᠯᠵᠦ | ᠂ ᠲᠣᠰᠬᠠᠶᠢᠯᠠᠨ ᠠᠳᠡ ᠢᠷᠡᠵᠥ᠂ ︽ᠲᠠᠪᠤᠨ ᠴᠡᠴᠡᠭ ᠤᠨ ᠷᠠᠰᠢᠶᠠᠨ︾ ᠵᠠᠰᠠᠯ ᠭᠢᠯᠭᠡᠵᠦ ᠪᠠᠶᠢᠨ᠎ᠠ᠃ ︽ᠨᠢᠳᠤᠨᠤᠨ | ᠬᠤᠰᠢᠭᠤᠨ ᠤ ᠪᠠᠨ ᠲᠠᠪᠤᠨ ᠴᠡᠴᠡᠭ ᠤᠨ ᠷᠠᠰᠢᠶᠠᠨ ᠵᠠᠰᠠᠯ ᠳᠤ ᠰᠠᠭᠤᠭᠠᠳ ᠶᠡᠭᠡ ᠲᠣᠬᠢᠷᠠᠵᠤ᠂ ᠪᠡᠶ᠎ᠡ ᠶᠢᠨ ᠥᠶ᠎ᠡ | ᠬᠡᠰᠢᠭᠦᠦ ᠡᠪᠡᠳᠬᠦ ᠪᠠᠨ ᠪᠤᠯᠢᠵᠤ᠂ ᠡᠨᠡ ᠵᠢᠯ ᠬᠤᠶᠠᠳᠤᠭᠠᠷ ᠤᠳᠠᠭ᠎ᠠ ᠪᠠᠨ ᠰᠠᠭᠤᠵᠤ ᠪᠠᠶᠢᠨ᠎ᠠ︾ ᠭᠡᠵᠥ ᠭᠡᠰᠢᠭᠪᠡᠶᠠᠷ | ᠨᠠᠰᠤᠲᠠᠨ ᠶᠠᠷᠢᠯ᠎ᠠ᠃ | ᠤᠶᠢᠯᠠᠭᠠᠭᠰᠠᠨ ᠢᠶᠠᠷ᠂ ᠡᠨᠡ ᠵᠢᠯ ᠤᠨ ︽ᠲᠠᠪᠤᠨ ᠴᠡᠴᠡᠭ ᠤᠨ ᠷᠠᠰᠢᠶᠠᠨ︾ ᠵᠠᠰᠠᠯ ᠨᠢ 8 ᠰᠠᠷ᠎ᠠ ᠶᠢᠨ 1 ᠤ | ᠡᠳᠦᠷ ᠪᠣᠯᠳᠠᠯ᠎ᠠ ᠶᠠᠪᠣᠬᠳᠠᠬᠤ ᠪᠠᠷ ᠪᠠᠶᠢᠨ᠎ᠠ᠃ ︽ᠲᠠᠪᠤᠨ ᠴᠡᠴᠡᠭ ᠤᠨ ᠷᠠᠰᠢᠶᠠᠨ ᠵᠠᠰᠠᠯ︾ ᠨᠢ ᠠᠯᠲᠠᠨ ᠬᠠᠷᠠᠪᠤᠷ᠂ | ᠦᠷᠭᠡᠰᠦᠲᠦ ᠠᠷᠴᠠ᠂ ᠪᠠᠯᠭᠤᠨ᠎ᠠ᠂ ᠵᠡᠭᠡᠷᠭᠡᠨ᠎ᠡ᠂ ᠠᠭᠢ ᠵᠡᠷᠭᠡ ᠲᠠᠪᠤᠨ ᠡᠮ ᠢᠶᠠᠷ ᠪᠦᠷᠢᠯᠳᠦᠵᠥ᠂ ᠭᠤᠣᠯᠳᠠᠭᠤ | ᠥᠶ᠎ᠡ ᠬᠡᠰᠢᠭᠦᠦ ᠬᠥᠯ ᠨᠢᠷᠤᠭᠤᠨ ᠤ ᠡᠪᠡᠳᠴᠢᠨ᠂ ᠭᠡᠷᠦᠬᠦ ᠡᠪᠡᠳᠴᠢᠨ᠂ ᠲᠤᠯᠠᠢ ᠡᠪᠡᠳᠴᠢᠲᠡᠨ᠂ ᠰᠠᠭᠤᠳᠠᠯ | ᠶᠠᠰᠤᠨ ᠤ ᠮᠡᠳᠡᠷᠡᠯ ᠡᠪᠡᠳᠬᠦ᠂ ᠥᠶ᠎ᠡ ᠭᠡᠰᠢᠭᠦᠨ ᠤ ᠮᠦᠭᠡᠷᠡᠰᠥᠵᠢᠯ᠂ ᠴᠠᠭᠠᠨ ᠰᠤᠳᠠᠯ ᠤᠨ ᠡᠪᠡᠳᠴᠢᠨ᠂ ᠳᠠᠭᠠᠷᠠᠵᠤ | ᠵᠢᠩᠭᠢᠨᠡᠬᠦ ᠠᠴᠠ ᠪᠤᠯᠤᠭᠰᠠᠨ ᠬᠥᠯ ᠨᠢᠷᠤᠭᠤ ᠡᠪᠡᠳᠬᠦ᠂ ᠡᠮᠡᠭᠲᠡᠶᠢᠴᠦᠳ ᠤᠨ ᠡᠪᠡᠳᠴᠢᠨ᠂ ᠠᠷᠠᠰᠤᠨ ᠡᠪᠡᠳᠴᠢᠨ | ᠵᠠᠰᠠᠬᠤ ᠳᠤ ᠣᠨᠴᠠ ᠦᠢᠯᠡᠳᠦᠯ ᠲᠠᠢ ᠪᠠᠶᠢᠳᠠᠭ ᠃ ︽ᠵᠢᠯ ᠪᠣᠯᠭᠠᠨ ᠤ ᠹᠦ᠋ ᠠᠴᠠ ᠡᠬᠢᠯᠡᠵᠥ ᠲᠦᠴᠢᠨ ᠲᠠᠪᠤᠨ | ᠬᠤᠨᠤᠭ ᠤᠨ ᠬᠤᠭᠤᠴᠠᠭ᠎ᠠ ᠲᠠᠢ ᠲᠠᠪᠤᠨ ᠴᠡᠴᠡᠭ ᠤᠨ ᠷᠠᠰᠢᠶᠠᠨ ᠵᠠᠰᠠᠯ ᠶᠠᠪᠤᠭᠳᠠᠭᠤᠯᠵᠤ᠂ ᠡᠷᠲᠡᠨ ᠳᠤ ᠬᠦᠮᠦᠰ | ᠰᠤᠶᠢᠯᠠᠭ᠎ᠠ ᠠᠯᠳᠠᠬᠤ ᠠᠴᠠ ᠠᠶᠤᠵᠤ ᠡᠪᠡᠳᠴᠢᠲᠡᠨ ᠤ ᠲᠤᠭ᠎ᠠ ᠴᠦᠭᠡᠨ ᠪᠠᠶᠢᠵᠠᠢ᠃ ᠤᠳᠣ ᠠᠮᠢᠳᠤᠷᠠᠯ ᠤᠨ | ᠨᠦᠬᠦᠴᠡᠯ ᠰᠠᠶᠢᠵᠢᠷᠠᠬᠤ ᠶᠢ ᠳᠠᠭᠠᠯᠳᠤᠨ ᠡᠪᠡᠳᠴᠢᠲᠡᠨ ᠤ ᠲᠤᠭ᠎ᠠ ᠵᠢᠯ ᠠᠴᠠ ᠵᠢᠯ ᠨᠡᠮᠡᠭᠳᠡᠵᠥ᠂ ᠡᠨᠡ ᠵᠢᠯ ᠠᠷᠪᠠᠭᠠᠳ | ᠬᠤᠨᠤᠭ ᠲᠤᠲᠤᠷ᠎ᠠ ᠠᠷᠪᠠᠭᠠᠳ ᠡᠪᠡᠳᠴᠢᠲᠡᠨ ᠢᠷᠡᠵᠥ ᠵᠠᠰᠠᠯ ᠬᠢᠯᠭᠡᠵᠥ ᠪᠠᠶᠢᠨ᠎ᠠ︾ ᠭᠡᠵᠥ ᠭᠦᠪᠡᠭᠡᠳᠦ ᠰᠢᠷ᠎ᠠ | ᠬᠤᠰᠢᠭᠤᠨ ᠤ ᠮᠣᠩᠭᠤᠯ ᠡᠮᠨᠡᠯᠭᠡ ᠶᠢᠨ ᠬᠤᠷᠢᠶᠠᠨ ᠤ ᠲᠠᠪᠤᠨ ᠴᠡᠴᠡᠭ ᠤᠨ ᠷᠠᠰᠢᠶᠠᠨ ᠵᠠᠰᠠᠯ ᠤᠨ ᠰᠠᠯᠠᠭᠠᠨ ᠤ | ᠡᠷᠬᠢᠯᠡᠭᠴᠢ ᠡᠮᠴᠢ ᠰᠤᠨᠢᠨᠴᠡᠴᠡᠭ ᠶᠠᠷᠢᠯ᠎ᠠ᠃ | ᠮᠠᠨ ᠤ ᠬᠤᠰᠢᠭᠤ ᠨᠢ ︽ᠴᠡᠭᠡ ᠵᠠᠰᠠᠯ︾᠂ ︽ᠲᠠᠪᠤᠨ ᠴᠡᠴᠡᠭ ᠤᠨ ᠷᠠᠰᠢᠶᠠᠨ ᠵᠠᠰᠠᠯ︾ ᠵᠡᠷᠭᠡ | ᠦᠪᠡᠷᠮᠢᠴᠡ ᠤᠨᠴᠠᠯᠢᠭᠲᠤ ᠵᠠᠰᠠᠯ ᠢ ᠵᠢᠯ ᠪᠤᠯᠭᠠᠨ ᠡᠷᠬᠢᠯᠡᠵᠥ᠂ ᠣᠯᠠᠮᠵᠢᠯᠠᠯᠳᠣ ᠵᠠᠰᠠᠯ ᠢᠶᠠᠷ ᠦᠷᠭᠡᠨ ᠣᠯᠠᠨ | ᠡᠪᠡᠳᠴᠢᠲᠡᠨ ᠢ ᠡᠮᠨᠡᠨ ᠵᠠᠰᠠᠵᠦ᠂ ᠣᠯᠠᠨ ᠲᠦᠮᠡᠨ ᠳᠤ ᠪᠣᠳᠠᠳᠣ ᠠᠰᠢᠭ ᠭᠦᠷᠳᠡᠭᠡᠵᠦ ᠪᠠᠶᠢᠨ᠎ᠠ᠃ |