ᠶᠠᠮᠠᠷ ᠶᠠᠮᠠᠷ ᠬᠥᠳᠡᠯᠭᠡᠭᠡᠨ ᠨᠢ ᠤᠳᠠᠭᠠᠨ ᠰᠠᠭᠤᠬᠤ ᠬᠥᠮᠥᠰ ᠲᠤ ᠲᠣᠬᠢᠷᠠᠬᠤ ᠪᠤᠢ⁈
ᠨᠡᠶᠢᠲᠡᠯᠡᠭᠰᠡᠨ ᠴᠠᠭ᠄
2022/12/2
     ᠤᠷᠳᠤ ᠬᠤᠭᠤᠴᠠᠭ᠎ᠠ ᠪᠠᠷ ᠺᠤᠮᠫᠢᠦ᠋ᠲ᠋ᠧᠷ ᠤᠨ ᠡᠮᠦᠨ᠎ᠡ ᠰᠠᠭᠤᠵᠤ ᠠᠵᠢᠯᠯᠠᠭᠰᠠᠳ ᠵᠢᠴᠢ ᠲᠠᠩᠰᠠ ᠡᠪᠬᠡᠮᠡᠯ ᠤᠨ ᠠᠵᠢᠯ ᠬᠢᠭᠰᠡᠳ ᠦᠷᠭᠦᠯᠵᠢ ᠭᠤᠣᠯ ᠨᠢᠷᠤᠭᠤᠨ ᠤ ᠶᠠᠰᠤ ᠨᠢ ᠮᠡᠳᠡᠷᠡᠯ ᠢ ᠳᠠᠷᠤᠭᠰᠠᠨ ᠠᠴᠠ ᠪᠣᠯᠵᠤ ᠬᠥᠯ ᠨᠢᠷᠤᠭᠤ ᠡᠪᠠᠳᠭᠦ ᠦᠵᠡᠭᠳᠡᠯ ᠵᠥᠩᠳᠡᠭᠡᠨ ᠭᠠᠷᠳᠠᠭ᠂ ᠡᠨᠡ ᠨᠢ  ᠭᠡᠳᠦ ᠤᠳᠠᠭᠠᠨ ᠰᠠᠭᠤᠵᠤ ᠠᠵᠢᠯᠯᠠᠵᠤ ᠪᠠᠶᠢᠬᠤ ᠲᠠᠢ ᠰᠢᠭᠤᠳ ᠬᠤᠯᠪᠤᠭ᠎ᠠ ᠲᠠᠢ ᠶᠤᠮ᠂ ᠢᠩᠭᠢᠵᠦ ᠭᠡᠳᠦ ᠤᠳᠠᠭᠠᠨ ᠰᠠᠭᠤᠬᠤ ᠨᠢ ᠪᠤᠯᠴᠢᠩ ᠤᠨ ᠠᠵᠢᠯᠯᠠᠭ᠎ᠠ ᠶᠢ ᠠᠮᠠᠷᠬᠠᠨ ᠮᠠᠭᠤᠳᠠᠭᠤᠯᠬᠤ ᠪᠥᠭᠡᠳ ᠪᠤᠯᠴᠢᠩ ᠤᠨ ᠨᠡᠬᠡᠳᠡᠰᠦ ᠠᠪᠴᠢᠬᠤ ᠦᠵᠡᠭᠳᠡᠯ ᠢ ᠡᠭᠦᠰᠬᠡᠵᠦ ᠮᠡᠳᠡᠨ᠎ᠡ᠃ ᠤᠳᠠᠭᠠᠨ ᠰᠠᠭᠤᠬᠤ ᠭᠡᠳᠡᠭ ᠨᠢ ᠬᠥᠮᠥᠰ ᠤᠷᠲᠤ ᠬᠤᠭᠤᠴᠠᠭ᠎ᠠ ᠪᠠᠷ ᠭᠦᠳᠡᠯᠭᠦ ᠦᠭᠡᠢ ᠰᠠᠭᠤᠬᠤ ᠶᠢ ᠵᠢᠭᠠᠵᠤ ᠪᠠᠶᠢᠨ᠎ᠠ᠂ ᠦᠨᠡᠨ ᠳᠡᠭᠡᠨ ᠡᠨᠡ ᠨᠢ ᠬᠥᠮᠥᠨ ᠤ ᠪᠡᠶ᠎ᠡ ᠶᠢᠨ ᠬᠦᠵᠦᠭᠦᠦ ᠰᠡᠭᠡᠷ᠂ ᠨᠢᠷᠤᠭᠤ ᠶᠢᠨ ᠪᠤᠯᠴᠢᠩ ᠤᠨ ᠨᠡᠬᠡᠳᠡᠰᠦ ᠶᠢ ᠭᠡᠮᠲᠦᠭᠡᠵᠦ᠂ ᠬᠡᠰᠡᠭ ᠭᠠᠵᠠᠷ ᠤᠨ ᠶᠠᠳᠠᠷᠠᠯ ᠢ ᠡᠭᠦᠰᠬᠡᠳᠡᠭ᠃ ᠨᠡᠩ ᠴᠦ ᠤᠳᠠᠭᠠᠨ ᠰᠠᠭᠤᠬᠤ ᠨᠢ ᠪᠠᠰᠠ ᠦᠮᠡᠨ ᠡᠪᠡᠳᠴᠢᠨ᠂ ᠰᠢᠬᠢᠷ ᠰᠢᠵᠢᠩ ᠡᠪᠡᠳᠴᠢᠨ ᠪᠣᠯᠣᠨ ᠵᠢᠷᠦᠬᠡ ᠴᠢᠰᠤᠨ ᠰᠤᠳᠠᠯ ᠤᠨ ᠡᠪᠡᠳᠴᠢᠨ ᠳᠤ ᠨᠡᠷᠪᠡᠭᠳᠡᠬᠦ ᠨᠤᠷᠮ᠎ᠠ ᠶᠢ ᠵᠣᠬᠢᠬᠤ ᠬᠡᠮᠵᠢᠶ᠎ᠡ ᠪᠠᠷ ᠲᠡᠭᠡᠭᠰᠢᠯᠡᠭᠦᠯᠤᠨ᠎ᠠ ᠭᠡᠵᠦ ᠰᠤᠳᠤᠯᠭᠠᠲᠠᠳ ᠰᠠᠨᠠᠭᠤᠯᠵᠤ ᠪᠤᠢ᠃ ᠡᠶᠢᠮᠦ ᠠᠴᠠ ᠵᠠᠯᠠᠭᠤᠴᠤᠳ ᠭᠡᠰᠡᠨ ᠴᠸ᠂ ᠨᠠᠰᠤᠲᠠᠶᠢᠴᠤᠳ ᠭᠡᠰᠡᠨ ᠴᠸ᠂ ᠤᠳᠠᠭᠠᠨ ᠰᠠᠭᠤᠭᠰᠠᠨ ᠤ ᠳᠠᠷᠠᠭ᠎ᠠ ᠰᠠᠨᠠᠭᠠᠴᠢᠯᠠᠭ᠎ᠠ ᠲᠠᠢ ᠪᠠᠷ ᠪᠣᠰᠴᠤ ᠰᠡᠯᠡᠭᠦᠴᠡᠨ ᠠᠯᠬᠤᠵᠤ᠂ ᠳᠦᠷᠪᠡᠨ ᠮᠥᠴᠢ ᠪᠠᠨ ᠬᠥᠳᠡᠯᠭᠡᠪᠡᠯ ᠰᠠᠶ᠋ᠢ ᠴᠢᠰᠤᠨ ᠤ ᠡᠷᠭᠢᠯᠲᠡ ᠶᠢ ᠰᠠᠶᠢᠵᠢᠷᠠᠭᠤᠯᠵᠤ᠂ ᠪᠤᠯᠴᠢᠩ ᠤᠨ ᠪᠣᠯᠪᠠᠰᠤᠷᠠᠯ ᠢ ᠴᠢᠩᠭᠠᠳᠬᠠᠵᠤ ᠴᠢᠳᠠᠨ᠎ᠠ᠃      ᠲᠤᠰᠬᠠᠢ ᠮᠡᠷᠭᠡᠵᠢᠯᠲᠡᠨ ᠤ ᠦᠵᠡᠬᠦ ᠪᠠᠷ᠂ ᠤᠳᠠᠭᠠᠨ ᠰᠠᠭᠤᠭᠠᠳ ᠭᠦᠳᠡᠯᠭᠦ ᠦᠭᠡᠢ᠂ ᠬᠡᠢ ᠴᠢᠰᠤ ᠨᠡᠪᠲᠡᠷᠡᠬᠦ ᠦᠭᠡᠢ᠂ ᠪᠤᠯᠴᠢᠩ ᠰᠤᠯᠠᠷᠠᠬᠤ᠂ ᠳᠣᠣᠷᠠᠳᠤ ᠮᠥᠴᠢ ᠬᠠᠪᠤᠩᠨᠠᠬᠤ᠂ ᠲᠠᠮᠢᠷᠳᠠᠬᠤ ᠵᠡᠷᠭᠡ ᠨᠢ ᠪᠠᠰᠠ ᠶᠡᠭᠡ ᠲᠠᠷᠢᠬᠢᠨ ᠤ ᠴᠢᠰᠤᠨ ᠤ ᠬᠠᠩᠭᠠᠯᠲᠠ ᠶᠢ ᠭᠦᠢᠴᠡᠳ ᠦᠭᠡᠢ ᠪᠤᠯᠭᠠᠵᠤ᠂ ᠲᠠᠷᠢᠬᠢ ᠶᠢ ᠭᠡᠮᠲᠦᠭᠡᠵᠦ᠂ ᠣᠶᠤᠨ ᠰᠠᠨᠠᠭᠠᠨ ᠤ ᠳᠠᠷᠤᠯᠲᠠ ᠶᠢ ᠪᠤᠢ ᠪᠣᠯᠭᠠᠳᠠᠭ᠃ ᠲᠡᠭᠡᠪᠡᠯ ᠶᠠᠮᠠᠷ ᠶᠠᠮᠠᠷ ᠬᠥᠳᠡᠯᠭᠡᠭᠡᠨ ᠨᠢ ᠤᠳᠠᠭᠠᠨ ᠰᠠᠭᠤᠬᠤ ᠬᠥᠮᠥᠰ ᠲᠤ ᠲᠣᠬᠢᠷᠠᠬᠤ ᠪᠤᠶ⁈ ᠴᠡᠭᠡᠵᠢ ᠲᠡᠨᠢᠢᠯᠭᠡᠬᠦ ᠬᠥᠳᠡᠯᠭᠡᠭᠡᠨ᠂ ᠭᠡᠳᠡᠶᠢᠭᠦ ᠬᠥᠳᠡᠯᠭᠡᠭᠡᠨ᠂ ᠡᠷᠡᠭᠦᠯ ᠮᠡᠨᠳᠦ ᠶᠢᠨ ᠲᠠᠮᠢᠷ᠂ ᠬᠦᠵᠦᠭᠦᠨ ᠤ ᠲᠠᠮᠢᠷ ᠵᠡᠷᠭᠡ ᠶᠢ ᠳᠤᠷᠠᠳᠴᠤ ᠪᠣᠯᠣᠨ᠎ᠠ᠃ ᠦᠷᠭᠦᠯᠵᠢ ᠬᠦᠵᠦᠭᠦᠦ ᠪᠠᠨ ᠬᠥᠳᠡᠯᠭᠡᠪᠡᠯ᠂ ᠲᠠᠷᠢᠬᠢᠨ ᠳᠤ ᠴᠢᠰᠤ ᠬᠤᠷᠠᠬᠤ ᠪᠠ ᠵᠢᠷᠦᠬᠡ ᠴᠢᠰᠤᠨ ᠰᠤᠳᠠᠯ ᠤᠨ ᠡᠪᠡᠳᠴᠢᠨ ᠢ ᠰᠡᠷᠭᠡᠶᠢᠯᠡᠵᠦ ᠪᠣᠯᠣᠨ᠎ᠠ᠂ ᠡᠨᠡ ᠬᠦ ᠬᠥᠳᠡᠯᠭᠡᠭᠡᠨ ᠢ ᠬᠢᠬᠦ ᠳᠤ ᠳᠥᠭᠦᠮ ᠭᠢᠯᠪᠠᠷ᠂ ᠠᠵᠢᠯ ᠤᠨ ᠴᠠᠭ ᠲᠤ ᠴᠤ ᠬᠢᠵᠦ ᠪᠣᠯᠣᠨ᠎ᠠ᠃ ᠭᠡᠪᠡᠴᠦ ᠤᠷᠳᠤ ᠬᠤᠭᠤᠴᠠᠭ᠎ᠠ ᠪᠠᠷ ᠰᠠᠭᠤᠵᠤ ᠠᠵᠢᠯᠯᠠᠭᠰᠠᠨ ᠠᠴᠠ ᠪᠣᠯᠵᠤ ᠨᠢᠷᠤᠭᠤ ᠡᠪᠠᠳᠭᠦ ᠪᠠᠶᠢᠳᠠᠯ ᠢᠯᠡᠷᠡᠪᠡᠯ᠂ ᠰᠣᠬᠤᠷ ᠪᠠᠯᠠᠢ ᠪᠠᠷ ᠳᠤᠷ᠎ᠠ ᠪᠠᠷ ᠢᠶᠠᠨ ᠲᠠᠮᠢᠷ ᠤᠨ ᠬᠥᠳᠡᠯᠭᠡᠭᠡᠨ ᠬᠢᠵᠦ ᠪᠤᠯᠬᠤ ᠦᠭᠡᠢ᠂ ᠬᠠᠷᠢᠨ ᠡᠮᠴᠢ ᠠᠴᠠ ᠠᠰᠠᠭᠤᠵᠤ ᠯᠠᠪᠯᠠᠵᠤ ᠡᠮᠴᠢ ᠶᠢᠨ ᠵᠢᠯᠣᠭᠤᠳᠤᠯᠭ᠎ᠠ ᠪᠠᠷ ᠲᠠᠮᠢᠷ ᠤᠨ ᠬᠥᠳᠡᠯᠭᠡᠭᠡᠨ ᠬᠢᠪᠡᠯ ᠰᠠᠶᠢᠨ᠃ ᠡᠩ ᠤᠨ ᠪᠠᠶᠢᠳᠠᠯ ᠳᠣᠣᠷ᠎ᠠ᠂ ᠥᠪᠡᠷ ᠤᠨ ᠠᠮᠢᠳᠤᠷᠠᠯ ᠤᠨ ᠮᠠᠭᠤ ᠮᠠᠭᠤᠬᠠᠢ ᠳᠠᠳᠬᠠᠯ ᠢᠶᠠᠨ ᠬᠠᠯᠠᠨ ᠰᠠᠶᠢᠵᠢᠷᠠᠭᠤᠯᠵᠤ᠂ ᠪᠡᠶ᠎ᠡ ᠴᠣᠭᠴᠠ ᠶᠢᠨ ᠪᠠᠶᠢᠳᠠᠯ ᠢᠶᠠᠨ ᠦᠨᠳᠦᠰᠦᠯᠡᠨ ᠨᠢᠷᠤᠭᠤ ᠪᠤᠯᠴᠢᠩ ᠤᠨ ᠬᠦᠴᠦᠯᠡᠬᠦ ᠴᠢᠨᠠᠷ ᠲᠠᠢ ᠪᠠ ᠲᠣᠭᠲᠠᠪᠤᠷᠢᠵᠢᠭᠤᠯᠬᠤ ᠴᠢᠨᠠᠷ ᠲᠠᠢ ᠪᠣᠯᠪᠠᠰᠤᠷᠠᠯ ᠢ ᠬᠢᠵᠦ᠂ ᠰᠢᠨᠵᠢᠯᠡᠬᠦ ᠤᠬᠠᠭᠠᠨᠴᠢ ᠵᠦᠢ ᠵᠣᠬᠢᠰᠲᠠᠢ ᠲᠠᠲᠠᠵᠤ ᠰᠤᠩᠭᠠᠬᠤ  ᠬᠥᠳᠡᠯᠭᠡᠭᠡᠨ ᠬᠢᠪᠡᠯ ᠵᠣᠬᠢᠨ᠎ᠠ᠃ ᠨᠢᠷᠤᠭᠤ ᠪᠤᠯᠴᠢᠩ ᠤᠨ ᠪᠣᠯᠪᠠᠰᠤᠷᠠᠯ ᠬᠢᠬᠦ ᠳᠡᠭᠡᠨ ᠬᠤᠶᠠᠷ ᠭᠠᠷ ᠢᠶᠠᠨ ᠰᠤᠩᠭᠠᠬᠤ᠂ ᠬᠥᠯ ᠢᠶᠠᠨ ᠠᠷᠤᠨᠰᠢ ᠪᠠᠨ ᠵᠢᠭᠢᠭᠦ ᠵᠡᠷᠭᠡ ᠬᠥᠳᠡᠯᠭᠡᠭᠡᠨ ᠬᠢᠵᠦ ᠪᠣᠯᠣᠨ᠎ᠠ᠃ ᠴᠢᠳᠠᠬᠤ ᠶᠢᠨ ᠳᠣᠲᠣᠷ᠎ᠠ ᠠᠭᠠᠵᠢᠮ ᠬᠥᠳᠡᠯᠭᠡᠭᠡᠨ ᠬᠢᠵᠦ᠂ ᠴᠠᠭ ᠢ ᠨᠢ ᠵᠣᠬᠢᠰᠲᠠᠢ ᠤᠷᠲᠤᠳᠬᠠᠪᠠᠯ ᠰᠠᠶᠢᠨ; ᠨᠢᠷᠤᠭᠤ ᠮᠥᠷᠥ ᠪᠠᠨ ᠰᠤᠯᠠ ᠲᠠᠯᠪᠢᠵᠤ᠂ ᠠᠭᠠᠵᠢᠮ ᠠᠮᠢᠰᠬᠤᠵᠤ᠂ ᠪᠡᠶ᠎ᠡ ᠶᠢᠨ ᠶᠠᠳᠠᠷᠠᠭ᠎ᠠ ᠪᠠᠨ ᠪᠠᠭᠠᠰᠬᠠᠨ᠎ᠠ; ᠬᠡᠷᠡᠮ ᠨᠢᠭᠤᠷᠯᠠᠨ ᠵᠣᠭᠰᠣᠵᠤ᠂ ᠭᠠᠷ ᠢᠶᠠᠨ ᠵᠢᠭᠢᠯᠭᠡᠵᠦ᠂ ᠬᠡᠷᠡᠮ ᠢ ᠲᠣᠭᠤᠷᠢᠭ ᠵᠢᠷᠤᠬᠤ ᠬᠥᠳᠡᠯᠭᠡᠭᠡᠨ ᠬᠢᠵᠦ ᠪᠣᠯᠣᠨ᠎ᠠ᠃      ᠮᠡᠳᠡᠭᠡᠵᠢ ᠪᠠᠷ᠂ ᠣᠳᠣᠬᠠᠨ ᠳᠤ ᠤᠯᠤᠰ ᠳᠠᠶᠠᠭᠠᠷ ᠪᠦᠭᠦ ᠠᠷᠠᠳ ᠤᠨ ᠪᠡᠶ᠎ᠡ ᠴᠢᠭᠢᠷᠠᠭᠵᠢᠭᠤᠯᠬᠤ ᠶᠢ ᠰᠠᠨᠠᠭᠠᠴᠢᠯᠠᠵᠤ ᠪᠤᠢ᠂ ᠡᠭᠦᠨ ᠳᠤ ᠭᠦᠶᠦᠭᠦ ᠪᠣᠯ  ᠬᠠᠮᠤᠭ ᠤᠨ ᠭᠢᠯᠪᠠᠷᠬᠠᠨ ᠦᠢᠯᠡᠳᠦᠯᠭᠡᠵᠢᠭᠦᠯᠬᠦ ᠬᠠᠮᠤᠭ ᠤᠨ ᠬᠦᠷᠢᠶᠡᠯᠡᠯ ᠲᠠᠢ ᠨᠢᠭᠡ ᠵᠦᠢᠯ ᠤᠨ ᠬᠥᠳᠡᠯᠭᠡᠭᠡᠨ ᠪᠣᠯᠣᠨ᠎ᠠ᠂ ᠪᠠᠰᠠ ᠴᠦ ᠬᠠᠮᠤᠭ ᠤᠨ ᠳᠦᠭᠦᠮ ᠬᠠᠮᠤᠭ ᠤᠨ ᠪᠦᠲᠦᠮᠵᠢᠲᠡᠶ ᠬᠦᠴᠢᠯᠲᠥ᠋ᠷᠥᠭᠴᠢᠲᠦ ᠬᠥᠳᠡᠯᠭᠡᠭᠡᠨ  ᠤ ᠨᠢᠭᠡ ᠮᠥᠨ᠃ ᠲᠡᠭᠦᠨ ᠤ ᠦᠢᠯᠡᠳᠦᠯ ᠨᠢ ᠮᠠᠷᠢᠶ᠎ᠠ ᠰᠢᠭᠤᠷᠠᠭᠤᠯᠵᠤ᠂ ᠴᠢᠰᠤᠨ ᠤ ᠡᠷᠭᠢᠯᠲᠡ ᠶᠢ ᠲᠦᠷᠭᠡᠳᠬᠡᠵᠦ᠂ ᠰᠢᠨ᠎ᠡ ᠬᠠᠭᠤᠴᠢᠨ ᠤ ᠰᠣᠯᠢᠯᠴᠠᠭ᠎ᠠ ᠶᠢ ᠠᠬᠢᠭᠤᠯᠵᠤ᠂ ᠵᠢᠷᠦᠬᠡ ᠴᠢᠰᠤᠨ ᠤ ᠰᠢᠰᠲ᠋ᠧᠮ ᠢ ᠨᠡᠩ ᠰᠠᠶᠢᠨ ᠬᠠᠮᠠᠭᠠᠯᠠᠵᠤ ᠴᠢᠳᠠᠬᠤ ᠪᠠᠷ ᠪᠠᠷᠠᠬᠤ ᠦᠭᠡᠢ ᠪᠠᠰᠠ ᠤᠷᠳᠤ ᠬᠤᠭᠤᠴᠠᠭ᠎ᠠ ᠪᠠᠷ ᠤᠳᠠᠭᠠᠨ ᠰᠠᠭᠤᠬᠤ ᠠᠴᠠ ᠪᠣᠯᠤᠭᠰᠠᠨ ᠭᠡᠮ ᠠᠷᠬᠠᠭ ᠢ ᠵᠠᠰᠠᠵᠤ᠂ ᠪᠡᠶ᠎ᠡ ᠮᠠᠬᠠᠪᠤᠳ ᠢ ᠰᠠᠶᠢᠵᠢᠷᠠᠭᠤᠯᠵᠤ ᠴᠢᠳᠠᠨ᠎ᠠ᠃ ᠶᠡᠷᠦᠩᠬᠡᠢ ᠳᠤᠨᠢ ᠦᠵᠡᠪᠡᠯ᠂ ᠤᠳᠠᠭᠠᠨ ᠰᠠᠭᠤᠵᠤ ᠠᠵᠢᠯᠯᠠᠵᠤ ᠰᠤᠷᠤᠯᠴᠠᠬᠤ ᠬᠥᠮᠥᠰ ᠲᠤ ᠲᠣᠬᠢᠷᠠᠬᠤ ᠬᠥᠳᠡᠯᠭᠡᠭᠡᠨ ᠮᠠᠰᠢ ᠤᠯᠠᠨ ᠪᠤᠢ᠂ ᠥᠪᠡᠷ ᠤᠨ ᠳᠤᠷ᠎ᠠ ᠰᠣᠨᠢᠷᠬᠠᠯ ᠲᠠᠢ ᠤᠷᠮ᠎ᠠ ᠪᠠᠭ᠋ᠠᠲᠠᠢ ᠬᠥᠳᠡᠯᠭᠡᠭᠡᠨ ᠤ ᠲᠦᠷᠦᠯ ᠢ ᠰᠣᠩᠭᠤᠵᠤ ᠤᠷᠳᠤ ᠬᠤᠭᠤᠴᠠᠭ᠎ᠠ ᠪᠠᠷ ᠪᠠᠷᠢᠮᠲᠠᠯᠠᠬᠤ ᠨᠢ ᠬᠠᠮᠤᠭ ᠤᠨ ᠴᠢᠬᠤᠯᠠ᠃ 
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号