ᠤᠷᠠᠨ ᠦᠢᠯᠡ ᠪᠠᠷ ᠳᠤᠷᠠᠶᠢᠭᠰᠠᠨ ᠦᠢᠯᠡᠰ ᠤᠨ ᠬᠠᠷᠭᠤᠢ
ᠨᠡᠶᠢᠲᠡᠯᠡᠭᠰᠡᠨ ᠴᠠᠭ᠄
2022/3/25
      ᠬᠦᠪᠡᠭᠡᠲᠦ ᠰᠢᠷ᠎ᠠ ᠬᠤᠰᠢᠭᠤᠨ ᠤ ᠲᠦᠪ ᠰᠢᠨᠡᠪᠤᠯᠠᠭ ᠪᠠᠯᠭᠠᠰᠤᠨ ᠤ ︽ᠬᠤᠨᠢᠴᠢᠨ ᠬᠠᠰᠢᠶᠠᠲᠤ︾ ᠮᠤᠩᠭᠤᠯ ᠬᠤᠪᠴᠠᠰᠤᠨ ᠤ ᠬᠢᠵᠠᠭᠠᠷᠲᠤ ᠺᠤᠮᠫᠠᠨᠢ ᠶᠢᠨ ᠡᠷᠬᠢᠯᠡᠭᠴᠢ ᠲᠤᠶᠠᠭ᠎ᠠ ᠪᠤᠯ ᠬᠤᠰᠢᠭᠤ ᠱᠠᠲᠤᠨ ᠤ ︽ᠬᠠᠮᠤᠭ ᠭᠤᠶᠤ ᠭᠡᠷ ᠪᠦᠯᠢ ᠶᠢᠨ ᠤᠳᠤᠨ︾᠂ ︽ᠬᠤᠲᠠ ᠤᠷᠤᠵᠤ ᠦᠢᠯᠡᠰ ᠪᠤᠰᠬᠠᠭᠰᠠᠨ ᠠᠵᠤ ᠠᠬᠤᠶᠢᠯᠠᠯᠲᠠᠨ︾᠂ ︽ ᠬᠦᠳᠡᠯᠮᠦᠷᠢ ᠶᠢᠨ ᠵᠢᠱᠢᠶᠠᠴᠢ︾ ᠵᠡᠷᠭᠡ ᠤᠯᠠᠨ ᠰᠠᠶᠢᠬᠠᠨ ᠢᠷᠠᠭᠤ ᠠᠯᠳᠠᠷ ᠢᠶᠠᠷ ᠡᠩᠭᠡᠷ ᠢᠶᠠᠨ ᠮᠢᠯᠢᠶᠠᠯᠭᠠᠵᠤ ᠤᠯᠠᠨ ᠤ ᠳᠤᠮᠳᠠ ᠪᠠᠨ ᠤᠳᠤ ᠪᠤᠯᠵᠤ ᠶᠠᠪᠤᠭ᠎ᠠ ᠰᠤᠳᠤᠨ ᠪᠦᠰᠡᠭᠦᠢ ᠪᠢᠯᠡ᠃       ᠲᠤᠶᠠᠭ᠎ᠠ ᠪᠤᠯ ᠬᠦᠪᠡᠭᠡᠲᠦ ᠰᠢᠷ᠎ᠠ ᠬᠤᠰᠢᠭᠤᠨ ᠤ ᠪᠤᠭᠳᠠ ᠶᠢᠨ ᠭᠤᠤᠯ ᠰᠤᠮᠤᠨ ᠤ ᠬᠤᠨᠢᠴᠢᠨ ᠬᠠᠰᠢᠶᠠᠲᠤ ᠭᠠᠴᠠᠭᠠᠨ ᠤ ᠵᠢᠷ ᠤᠨ ᠨᠢᠭᠡ ᠮᠠᠯᠴᠢᠨ ᠪᠦᠰᠡᠭᠦᠢ ᠶᠤᠮ᠃ 1997 ᠤᠨ ᠳᠤ ᠬᠤᠰᠢᠭᠤᠨ ᠲᠦᠪ ᠣᠷᠣᠵᠦ᠂ ᠬᠤᠶᠠᠷ ᠬᠡᠤᠬᠡᠳ ᠢᠶᠠᠨ ᠰᠤᠷᠭᠠᠭᠤᠯᠢ ᠰᠣᠶᠣᠯ ᠤᠨ ᠮᠦᠷ ᠬᠦᠭᠡᠭᠡᠯᠭᠡᠵᠦ ᠬᠢᠴᠢᠶᠡᠯ ᠰᠤᠷᠤᠯᠭ᠎ᠠ ᠶᠢ ᠨᠢ ᠵᠢᠯᠤᠭᠤᠳᠬᠤ ᠶᠢᠨ ᠳᠠᠭᠠᠤ᠂ ᠦᠢᠯᠡ ᠤᠶᠤᠳᠠᠯ ᠤᠨ ᠤᠷ᠎ᠠ ᠠᠪᠢᠶᠠᠰ ᠳᠠᠭᠠᠨ ᠬᠦᠲᠦᠯᠦᠭᠳᠡᠨ ᠤᠶᠤᠳᠠᠯ ᠤᠨ ᠠᠵᠢᠯ ᠢᠶᠠᠨ ᠡᠬᠢᠯᠡᠭᠦᠯᠵᠠᠢ᠃ ︽ᠲᠦᠮᠡᠨ ᠠᠯᠬᠤᠮ ᠤᠨ ᠲᠦᠷᠦᠭᠦᠦ ᠠᠯᠬᠤᠮ ᠨᠢ ᠬᠦᠴᠢᠷ︾ ᠭᠡᠳᠡᠭᠴᠢᠯᠡᠨ ᠡᠬᠢᠯᠡᠵᠦ ᠬᠢᠬᠦ ᠦᠶ᠎ᠡ ᠳᠤ ᠤᠯᠠᠨ ᠬᠦᠴᠢᠷᠳᠡᠯ ᠳᠤ ᠲᠤᠯᠭᠠᠷᠠᠵᠤ᠂ ᠪᠡᠯᠡ ᠮᠦᠩᠭᠦ ᠬᠤᠮᠰᠠ ᠠᠴᠠ ᠪᠤᠯᠵᠤ᠂   ᠲᠤᠷᠭ᠎ᠠ ᠪᠠᠷᠠᠭ᠎ᠠ ᠤᠷᠤᠭᠤᠯᠬᠤ ᠲᠠᠯ᠎ᠠ ᠪᠠᠷ ᠬᠦᠴᠢᠷᠳᠡᠨ᠂ ᠵᠤᠴᠢᠳ ᠤᠨ ᠢᠶᠠᠨ ᠪᠠᠷᠠᠭ᠎ᠠ ᠪᠠᠷ ᠴᠠᠮᠴᠠ᠂ ᠮᠤᠲ᠋ᠤᠷ ᠤᠨ ᠬᠠᠨᠴᠣᠶᠢᠪᠴᠢ᠂ ᠡᠪᠦᠳᠦᠭᠴᠢ ᠵᠡᠷᠭᠡ ᠶᠠᠭᠤ ᠤᠶᠤᠭᠤᠯᠬᠤ ᠭᠡᠰᠡᠨ ᠪᠦᠬᠦᠨ ᠢ ᠣᠶᠣᠵᠦ᠂ ᠬᠦᠮᠦᠨ ᠬᠠᠷ᠎ᠠ ᠳᠡᠮᠡᠢ ᠲᠠᠨᠢᠬᠤ ᠦᠭᠡᠢ᠂ ᠵᠠᠬ᠎ᠠ ᠳᠡᠯᠭᠡᠭᠦᠷ ᠤᠨ ᠤᠶᠢᠯᠠᠭᠠᠯᠲᠠ ᠪᠠᠷ ᠭᠦᠢᠬᠡᠨ ᠪᠠᠶᠢᠵᠤ ᠂ ᠬᠦᠯ ᠤᠯᠠ ᠪᠠᠨ ᠤᠯᠵᠤ ᠳᠡᠶᠢᠯᠦᠭᠡ ᠦᠭᠡᠢ ᠠᠴᠠ ᠤᠶᠤᠳᠠᠯ ᠤᠨ ᠵᠠᠬᠢᠶᠠᠯᠠᠭ᠎ᠠ ᠴᠦ ᠴᠦᠬᠡᠨ᠂ ᠭᠡᠷ ᠤᠨ ᠲᠦᠷᠢᠶᠡᠰᠦ ᠎ ᠪᠠᠨ ᠭᠠᠷᠭᠠᠪᠠᠯ  ᠳᠡᠮᠡᠢ ᠤᠷᠤᠯᠭ᠎ᠠ ᠤᠯᠳᠠᠭ ᠦᠭᠡᠢ ᠪᠠᠶᠢᠵᠤ ᠪᠢᠯᠡ᠃        2001 ᠤᠨ ᠪᠤᠯᠬᠤ ᠳᠤ ᠲᠤᠶᠠᠭ᠎ᠠ ᠨᠡᠯᠢᠶᠡᠳ ᠬᠡᠮᠵᠢᠶᠡᠨ ᠤ ᠪᠡᠯᠡ ᠮᠦᠩᠭᠦᠨ ᠤ ᠬᠤᠷᠠᠮᠳᠤᠭᠤᠯᠭ᠎ᠠ ᠪᠠ ᠵᠠᠬ᠎ᠠ ᠳᠡᠯᠭᠡᠭᠦᠷ ᠤᠨ ᠬᠠᠨᠳᠤᠰᠢ ᠶᠢᠨ ᠤᠶᠢᠯᠠᠭᠠᠯᠲᠠ ᠲᠠᠢ ᠪᠤᠯᠤᠭᠰᠠᠨ ᠢᠶᠠᠷ ᠪᠠᠷᠠᠬᠤ ᠦᠭᠡᠢ᠂ ᠡᠨᠡ ᠰᠠᠶᠢᠬᠠᠨ ᠡᠷᠲᠡ ᠳᠡᠭᠡᠳᠦ ᠎ ᠠᠴᠠ ᠤᠯᠠᠮᠵᠢᠯᠠᠵᠤ ᠢᠷᠡᠭᠰᠡᠨ ᠡᠷᠬᠢᠮ ᠨᠠᠨᠳᠢᠨ ᠦᠢᠯᠡ ᠤᠶᠤᠳᠠᠯ ᠤᠨ ᠦᠪ ᠰᠤᠶᠤᠯ ᠢᠶᠠᠨ ᠨᠡᠩ ᠤᠯᠠᠨ ᠬᠦᠮᠦᠨ ᠳᠤ ᠲᠠᠨᠢᠭᠤᠯᠤᠶ᠎ᠠ ᠭᠡᠰᠡᠨ ᠪᠤᠳᠤᠯ ᠠᠴᠠ ᠤᠯᠠᠮᠵᠢᠯᠠᠯᠲᠤ ᠴᠠᠬᠠᠷ ᠲᠡᠷᠯᠢᠭ ᠤᠶᠤᠬᠤ ᠪᠠᠷ ᠭᠤᠤᠯᠳᠠᠭᠤᠯᠤᠭᠰᠠᠨ ︽ᠬᠤᠨᠢᠴᠢᠨ ᠬᠠᠰᠢᠶᠠᠲᠤ︾ ᠤᠶᠤᠳᠠᠯ ᠤᠨ ᠳᠡᠯᠭᠡᠭᠦᠷ ᠢᠶᠠᠨ ᠨᠡᠭᠡᠭᠡᠵᠦ᠂ ᠳᠡᠯᠭᠡᠭᠦᠷ ᠢᠶᠠᠨ ᠡᠳᠦᠷ ᠠᠴᠠ ᠡᠳᠦᠷ ᠦᠭᠡᠳᠡ ᠲᠠᠲᠠᠵᠤ ᠶᠠᠪᠤᠬᠤ ᠶᠢᠨ ᠲᠤᠯᠠᠳᠠ᠂ ᠰᠢᠷᠭᠠᠭᠤ ᠴᠢᠷᠮᠠᠶᠢᠨ ᠠᠵᠢᠯᠯᠠᠵᠤ ᠢᠷᠡᠭᠰᠡᠨ ᠢᠶᠠᠷ᠂ 2004 ᠤᠨ ᠪᠤᠯᠬᠤ ᠳᠤ ᠳᠦᠷᠢᠶᠡᠰᠦᠯᠡᠵᠦ ᠪᠠᠶᠢᠭᠰᠠᠨ ᠭᠡᠷ ᠢᠶᠠᠨ ᠬᠤᠳᠠᠯᠳᠤᠨ ᠠᠪᠴᠤ᠂ ᠤᠶᠤᠳᠠᠯ ᠦᠢᠯᠡ ᠶᠢᠨ ᠵᠠᠬ᠎ᠠ ᠳᠡᠯᠬᠡᠬᠦᠷ ᠲᠡᠬᠡᠷ᠎ᠡ ᠦᠪᠡᠷ ᠤᠨ ᠭᠡᠰᠡᠨ ᠤᠷᠤᠨ ᠵᠠᠢ ᠲᠠᠢ ᠪᠤᠯᠤᠭᠰᠠᠨ ᠪᠠᠶᠢᠨ᠎ᠠ᠃       ᠴᠢᠷᠮᠠᠶᠢᠯᠭ᠎ᠠ ᠬᠦᠮᠦᠨ ᠢ ᠭᠤᠮᠤᠳᠠᠭᠠᠬᠤ ᠦᠭᠡᠢ ᠭᠡᠳᠡᠭᠴᠢᠯᠡᠨ ᠲᠤᠶᠠᠭ᠎ᠠ ᠶᠢᠨ ᠠᠵᠢᠯᠴᠢ ᠬᠦᠳᠡᠯᠮᠦᠷᠢᠴᠢ ᠵᠠᠩ᠂ ᠡᠷᠡᠰ ᠬᠠᠲᠠᠭᠤ ᠵᠤᠷᠢᠭ᠂ ᠬᠠᠯᠠᠭᠤᠮᠰᠤᠭ ᠤᠪᠤᠷ᠂ ᠦᠨᠡᠨᠴᠢ ᠲᠤᠰᠠᠷᠬᠠᠭ ᠠᠷᠠᠨᠰᠢᠨ ᠪᠠ ᠤᠷᠠᠨ ᠰᠠᠶᠢᠬᠠᠨ ᠦᠢᠯᠡ ᠤᠶᠤᠳᠠᠯ ᠎ ᠢᠶᠠᠷ ᠢᠶᠠᠨ ᠬᠦᠮᠦᠨ ᠤᠯᠠᠨ ᠤ ᠪᠠᠨ ᠢᠲᠡᠭᠡᠯ ᠰᠡᠳᠬᠢᠯ ᠢ ᠤᠯᠵᠤ᠂ ᠴᠠᠬᠠᠷ ᠳᠡᠪᠡᠯ ᠤᠨ ᠢᠶᠠᠨ ᠨᠠᠷᠢᠨ ᠤᠶᠤᠳᠠᠯ᠂ ᠬᠡᠪ ᠨᠠᠮᠪᠠ ᠶᠢ ᠤᠯᠠᠨ ᠬᠦᠮᠦᠨ ᠳᠤ ᠳᠠᠨᠢᠭᠤᠯᠵᠦ ᠤᠬᠠᠭᠤᠯᠵᠦ ᠴᠢᠳᠠᠭᠰᠠᠨ ᠢᠶᠠᠷ ᠳᠡᠯᠭᠡᠭᠦᠷ ᠤᠨ ᠤᠷᠤᠯᠭ᠎ᠠ ᠴᠤ ᠤᠯᠠᠮ ᠨᠡᠮᠡᠭᠳᠡᠵᠦ᠂ 2015 ᠤᠨ ᠳᠤ ︽ᠬᠤᠨᠢᠴᠢᠨ ᠬᠠᠰᠢᠶᠠᠲᠦ︾ ᠳᠡᠯᠭᠡᠬᠦᠷ ᠢᠶᠠᠨ ᠺᠤᠮᠫᠠᠨᠢ ᠪᠤᠯᠭᠠᠨ ᠦᠷᠭᠡᠳᠬᠡᠵᠤ᠂ 2016 ᠤᠨ ᠠᠴᠠ ᠡᠬᠢᠯᠡᠨ 90 ᠳᠡᠭᠰᠢ ᠳᠦᠷᠪᠡᠯᠵᠢᠨ ᠮᠧᠲᠷ ᠤᠨ ᠵᠡᠭᠡᠯᠢ ᠶᠢᠨ ᠠᠰᠠᠷ ᠳᠦᠷᠢᠶᠡᠰᠦᠯᠡᠵᠦ᠂ ᠪᠠᠰᠠ ᠨᠡᠯᠢᠶᠡᠳ ᠬᠡᠳᠦᠨ ᠭᠠᠷ ᠱᠠᠪᠢ ᠬᠦᠮᠦᠵᠢᠬᠦᠯᠬᠦ ᠶᠢᠨ ᠳᠠᠭᠠᠤ ᠤᠷᠢᠳ ᠬᠤᠵᠢᠳ ᠬᠤᠳᠠ ᠤᠷᠤᠭᠰᠠᠨ 8 ᠮᠠᠯᠴᠢᠨ ᠳᠤ ᠪᠠᠨ ᠠᠵᠢᠯ ᠤᠯᠭᠤᠵᠦ ᠳᠡᠳᠡᠨ ᠤ ᠠᠮᠢᠳᠤᠷᠠᠯ ᠳᠤ ᠨᠢ ᠳᠤᠰᠠ ᠳᠡᠮ ᠪᠤᠯᠤᠭᠰᠠᠨ ᠪᠠᠶᠢᠨ᠎ᠠ᠃       ︽2006 ᠤᠨ ᠳᠤ ᠤᠮᠪᠤᠯᠤ ᠪᠠᠨ ᠰᠤᠷᠭᠠᠭᠤᠯᠢ ᠳᠤ ᠰᠠᠭᠤᠯᠭᠠᠬᠤ ᠭᠡᠳ ᠬᠤᠰᠢᠭᠤᠨ ᠲᠦᠪ ᠳᠤ ᠤᠷᠤᠵᠤ ᠢᠷᠡᠭᠰᠡᠨ ᠠᠴᠠ ᠡᠬᠢᠯᠡᠵᠦ ᠠᠳᠡ ᠠᠵᠢᠯᠯᠠᠭᠠᠳ 16 ᠵᠢᠯ ᠤᠨ ᠨᠢᠭᠤᠷ ᠢ ᠦᠵᠡᠵᠦ ᠪᠠᠶᠢᠨ᠎ᠠ︔ ᠲᠤᠶᠠᠭ᠎ᠠ ᠮᠠᠨᠢ ᠪᠢᠳᠡᠨ ᠢ ᠎ ᠢᠶᠠᠨ ᠦᠷᠭᠦᠯᠵᠢ ᠬᠠᠯᠠᠮᠵᠢᠯᠠᠵᠦ ᠶᠠᠪᠤᠳᠠᠭ︔ ᠡᠪ ᠬᠠᠪᠤ ᠦᠭᠡᠢ ᠤᠶᠤᠭᠰᠠᠨ ᠵᠦᠢᠯ ᠪᠠᠶᠢᠭᠰᠠᠨ ᠴᠦ ᠶᠡᠷᠦ ᠠᠴᠠ ᠠᠭᠤᠷᠯᠠᠵᠤ ᠤᠴᠠᠭᠠᠷᠳᠠᠳᠠᠭ ᠦᠭᠡᠢ᠂ ᠬᠦᠯᠢᠴᠡᠩᠭᠦᠢ ᠪᠠᠷ ᠪᠢᠳᠡᠨ ᠢ ᠵᠢᠭᠠᠨ ᠵᠢᠯᠤᠭᠤᠳᠴᠤ᠂ ᠬᠡᠨ ᠨᠢᠭᠡ ᠨᠢ ᠤᠴᠢᠷ ᠶᠠᠪᠤᠳᠠᠯ ᠲᠠᠢ ᠪᠤᠯᠪᠠᠯ ᠡᠪ ᠵᠦᠢ ᠶᠢ ᠨᠢ ᠦᠵᠡᠵᠦ ᠪᠠᠶᠢᠭᠠᠳ ᠵᠤᠬᠢᠴᠠᠭᠤᠯᠵᠤ ᠦᠭᠳᠡᠭ︔ ᠶᠠᠭᠠᠷᠠᠤ ᠦᠶ᠎ᠡ ᠳᠡᠭᠡᠨ ᠪᠦᠷ ᠯᠡ ᠠᠳᠡ ᠪᠠᠨ ᠬᠤᠭᠤᠯᠠᠯᠠᠴᠢᠬᠠᠳᠠᠭ︔ ᠪᠤᠯᠬᠤ ᠶᠢᠨ ᠬᠢᠷᠢ ᠪᠠᠷ ᠯᠡ ᠪᠢᠳᠡᠨ ᠳᠤ ᠢᠯᠡᠭᠦᠬᠡᠨ ᠤᠷᠤᠯᠭ᠎ᠠ ᠤᠯᠭᠤᠬᠤ ᠪᠠᠷ ᠴᠢᠷᠮᠠᠶᠢᠵᠤ ᠶᠠᠪᠤᠳᠠᠭ ᠳ᠋ᠠ︾ ᠭᠡᠵᠦ 63 ᠨᠠᠰᠤᠲᠠᠢ ᠱᠠᠪᠢ ᠤᠶᠤᠳᠠᠯᠴᠢᠨ ᠪᠠᠳᠮ᠎ᠠ ᠭᠤᠸᠠᠢ ᠤᠴᠢᠷᠲᠠᠶᠢᠬᠠᠨ ᠶᠠᠷᠢᠵᠤ ᠪᠠᠶᠢᠯ᠎ᠠ᠃       ᠤᠳᠤ ᠪᠤᠯᠬᠤ ᠳᠤ ᠲᠤᠶᠠᠭ᠎ᠠ 165 ᠳᠡᠭᠰᠢ ᠳᠦᠷᠪᠡᠯᠵᠢᠨ ᠮᠧᠲᠷ ᠤᠨ ᠦᠪᠡᠷ ᠤᠨ ᠬᠡᠰᠡᠨ ᠵᠡᠭᠡᠯᠢ ᠶᠢᠨ ᠠᠰᠠᠷ ᠎ ᠲᠠᠢ ᠪᠤᠯᠵᠤ᠂ ᠲᠤᠷᠭ᠎ᠠ ᠪᠠᠷᠠᠭ᠎ᠠ ᠪᠠᠨ ᠬᠦᠬᠡᠬᠤᠲᠠ᠂ ᠡᠷᠢᠶᠡᠨ᠂ ᠱᠢ ᠵᠢᠶᠠ ᠵᠤᠸᠠᠩ ᠵᠡᠷᠭᠡ ᠭᠠᠵᠠᠷ ᠠᠴᠠ ᠤᠷᠤᠭᠤᠯᠵᠤ᠂ ᠬᠤᠷᠠᠭᠠᠨ ᠠᠷᠠᠰᠤᠨ ᠳᠡᠪᠡᠯ᠂ ᠬᠠᠪᠤᠭᠠᠰᠤ ᠲᠠᠢ ᠳᠡᠪᠡᠯ᠂ ᠴᠠᠮᠴᠠ ᠵᠡᠷᠭᠡ ᠤᠯᠠᠮᠵᠢᠯᠠᠯᠲᠤ ᠴᠠᠬᠠᠷ ᠲᠡᠷᠯᠢᠭ ᠤᠶᠤᠵᠤ᠂ ᠵᠢᠯ ᠎ ᠳᠤ 600 ᠵᠠᠬ᠎ᠠ ᠲᠡᠷᠯᠢᠭ ᠤᠨ ᠵᠠᠬᠢᠶᠠᠯᠠᠭ᠎ᠠ ᠲᠤᠰᠴᠤ᠂  ᠳᠡᠪᠡᠯ ᠨᠢ ᠬᠦᠬᠡᠬᠤᠲᠠ᠂ ᠲᠠᠷᠬᠠᠨ ᠮᠤᠤᠮᠢᠩᠭᠠᠨ ᠬᠤᠰᠢᠭᠤ᠂ ᠳᠦᠷᠪᠡᠳ ᠬᠤᠰᠢᠭᠤ ᠵᠡᠷᠭᠡ ᠤᠶᠢᠷ᠎ᠠ ᠵᠡᠷᠭᠡᠯᠡᠳᠡᠭᠡ ᠤᠯᠠᠨ ᠬᠤᠰᠢᠭᠤᠨ ᠰᠢᠶᠠᠨ ᠢᠶᠠᠷ ᠪᠤᠷᠤᠯᠠᠭᠤᠯᠤᠭᠳᠠᠵᠤ᠂ ︽ᠲᠤᠷᠭᠠᠨ ᠨᠤᠲᠤᠭ︾ ᠭᠡᠬᠦ ᠲᠠᠸᠠᠷ ᠤᠨ ᠳᠡᠮᠳᠡᠭ ᠲᠠᠢ ᠪᠤᠯᠵᠤ᠂ ᠵᠢᠯ ᠳᠤ ᠬᠤᠷᠢᠨ ᠲᠦᠮᠡᠨ ᠲᠦᠭᠦᠷᠢᠭ ᠤᠨ ᠴᠡᠪᠡᠷ ᠤᠷᠤᠯᠭ᠎ᠠ ᠡᠬᠦᠳᠴᠦ ᠪᠠᠶᠢᠨ᠎ᠠ᠃      ᠲᠤᠶᠠᠭ᠎ᠠ ᠦᠢᠯᠡ ᠤᠶᠤᠳᠠᠯ ᠤᠨ ᠦᠢᠯᠡᠰ ᠲᠤ ᠡᠴᠢᠨᠡᠭᠡᠨ ᠵᠢᠯ ᠵᠢᠳᠬᠦᠵᠦ ᠶᠠᠪᠤᠭᠰᠠᠨ ᠢᠶᠠᠷ ᠡᠨᠡᠬᠦ ᠰᠠᠶᠢᠬᠠᠨ ᠰᠤᠶᠤᠯ ᠤᠯᠠᠮᠵᠢᠯᠠᠯ ᠤᠨ ᠢᠶᠠᠨ ᠤᠷ᠎ᠠ ᠮᠡᠷᠭᠡᠵᠢᠯ ᠢᠶᠠᠨ ᠬᠤᠶᠢᠴᠢ ᠦᠶ᠎ᠡ ᠶᠢᠨ ᠬᠢᠨ ᠳᠡᠭᠡᠨ  ᠮᠡᠳᠡᠭᠦᠯᠵᠦ ᠤᠯᠠᠮᠵᠢᠯᠠᠭᠤᠯᠬᠤ ᠡᠭᠦᠳᠡᠨ ᠠᠴᠠ ᠪᠠᠭ᠎ᠠ ᠠᠴᠠ ᠪᠠᠨ ᠦᠢᠯᠡ ᠤᠶᠤᠳᠠᠯ ᠳᠤ ᠳᠡᠮ ᠲᠠᠢ ᠬᠦᠦ ᠨᠠᠨᠳᠢᠨ ᠢᠶᠠᠨ ᠦᠪᠡᠷ ᠤᠨ ᠭᠠᠷ ᠱᠠᠪᠢ ᠪᠠᠷ ᠬᠦᠮᠦᠵᠢᠭᠦᠯᠵᠦ᠂ ᠳᠡᠪᠡᠯ ᠡᠰᠬᠡᠬᠦ᠂ ᠰᠢᠯᠪᠢ ᠬᠦᠪᠦᠷᠢᠳᠡᠬᠦ᠂ ᠲᠤᠪᠴᠢ ᠬᠠᠳᠠᠬᠤ ᠵᠡᠷᠭᠡ ᠦᠨᠳᠦᠰᠦᠨ ᠤᠶᠤᠳᠠᠯ ᠤᠨ ᠮᠡᠷᠭᠡᠵᠢᠯ ᠠᠴᠠ ᠡᠬᠢᠯᠡᠨ ᠡᠵᠡᠮᠰᠢᠭᠦᠯᠵᠦ᠂ ᠤᠷ᠎ᠠ ᠳᠡᠮ ᠢᠶᠠᠨ ᠦᠪᠯᠠᠭᠦᠯᠵᠠᠢ᠃ ᠲᠡᠷᠡᠪᠡᠷ ᠨᠡᠩ ᠤᠯᠠᠨ ᠵᠠᠯᠠᠭᠤᠴᠤᠳ ᠢ ᠬᠦᠮᠦᠵᠢᠭᠦᠯᠦᠨ ᠦᠨᠳᠦᠰᠦᠲᠡᠨ ᠤ ᠪᠠᠨ ᠦᠪ ᠰᠤᠶᠤᠯ ᠢ ᠬᠦᠭᠵᠢᠨ ᠪᠠᠳᠠᠷᠠᠭᠠᠬᠤ ᠳᠤ ᠦᠪᠡᠷ ᠤᠨ ᠭᠡᠰᠡᠨ ᠨᠢᠭᠡᠨ ᠬᠤᠪᠢ ᠬᠦᠴᠦ ᠪᠠᠨ ᠡᠷᠭᠦᠬᠦ ᠳᠤ ᠢᠲᠡᠭᠡᠯ ᠳᠦᠭᠦᠷᠡᠩ ᠪᠠᠶᠢᠯ᠎ᠠ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号