ᠤᠩᠭᠤᠨ ᠲᠠᠷᠬᠠᠨ ᠪᠠᠶᠢᠭᠠᠯᠢ ᠦᠨᠢᠳᠡ ᠶᠢᠨ ᠬᠦᠷᠤᠩᠭᠡ
ᠨᠡᠶᠢᠲᠡᠯᠡᠭᠰᠡᠨ ᠴᠠᠭ᠄
2022/4/12
      ᠤᠷᠴᠢᠮ ᠤᠨ ᠬᠡᠳᠤᠨ ᠵᠢᠯ ᠬᠦᠪᠡᠭᠡᠲᠦ ᠰᠢᠷ᠎ᠠ ᠬᠤᠰᠢᠭᠤ ᠠᠮᠢ ᠠᠬᠤᠢ ᠶᠢᠨ ᠪᠦᠳᠦᠭᠡᠨ ᠪᠠᠶᠢᠭᠤᠯᠤᠯᠳᠠ ᠪᠤᠯᠤᠨ ᠬᠠᠮᠠᠭᠠᠯᠠᠯᠳᠠ ᠶᠢᠨ ᠠᠵᠢᠯ ᠶᠢ ᠰᠠᠶᠢᠳᠤᠷ ᠬᠢᠭᠰᠡᠨ ᠢᠶᠠᠷ ᠠᠮᠢ ᠠᠬᠤᠢ ᠰᠡᠷᠬᠦᠨ᠂ ᠨᠠᠭᠤᠷ ᠭᠤᠤᠯ ᠪᠦᠷᠢᠯᠳᠤᠭ᠍ᠰᠡᠨ ᠢᠶᠠᠷ ᠨᠡᠭᠦᠳᠡᠯ ᠤᠨ ᠰᠢᠪᠠᠭᠤᠳ ᠤᠨ ᠠᠮᠢᠳᠤᠷᠠᠨ ᠤᠷᠤᠰᠢᠬᠤ ᠰᠠᠶᠢᠬᠠᠨ ᠤᠷᠴᠢᠨ ᠢ ᠪᠦᠷᠢᠯᠳᠤᠭᠦᠯᠵᠦ᠂ ᠠᠮᠢᠯᠠᠯ ᠢᠶᠠᠷ ᠪᠢᠯᠬᠠᠬᠰᠡᠨ ᠤᠷᠢᠬᠠᠨ ᠬᠠᠪᠤᠷ ᠤᠷᠠᠨ ᠰᠢᠪᠠᠭᠤᠳ ᠤᠨ ᠲᠠᠭᠤᠨ ᠢᠶᠠᠷ ᠤᠶᠠᠩᠭᠠᠷᠠᠬᠤ ᠪᠤᠯᠵᠠᠢ᠃       ᠬᠦᠪᠡᠭᠡᠲᠦ ᠰᠢᠷ᠎ᠠ ᠬᠤᠰᠢᠭᠤᠨ ᠤ ᠤᠢ ᠰᠢᠭᠤᠢ  ᠪᠤᠯᠤᠨ ᠨᠤᠳᠤᠭ ᠪᠡᠯᠴᠢᠭᠡᠷ ᠤᠨ ᠲᠤᠪᠴᠢᠶᠠᠨ ᠤ ᠬᠢᠨ ᠨᠢᠭᠡ ᠡᠪᠤᠯ ᠠᠷᠠᠴᠢᠯᠠᠵᠦ ᠲᠡᠵᠢᠭᠡᠭᠰᠡᠨ ᠮᠦᠨᠴᠤ ᠤᠯᠤᠰ ᠤᠨ ᠬᠤᠶᠠᠳᠤᠭᠠᠷ ᠤᠨ ᠲᠡᠰ ᠬᠠᠮᠠᠭᠠᠯᠠᠯᠳᠠ ᠶᠢᠨ ᠠᠮᠢᠲᠠᠨ ᠪᠤᠯᠬᠤ ᠬᠤᠨ ᠢᠶᠠᠨ ᠡᠬᠡ ᠪᠠᠶᠢᠭᠠᠯᠢ ᠳᠤᠨᠢ ᠪᠤᠴᠠᠭᠠᠵᠦ᠂ ᠬᠦᠮᠦᠨ ᠪᠤᠯᠤᠨ ᠪᠠᠶᠢᠭᠠᠯᠢ ᠶᠢᠨ ᠡᠶ᠎ᠡ ᠵᠤᠬᠢᠴᠠᠯ ᠡᠨᠡ ᠰᠠᠶᠢᠬᠠᠨ ᠦᠢᠯᠡ ᠶᠠᠪᠤᠳᠠᠯ ᠪᠠᠷ ᠵᠢᠷᠤᠭᠯᠠᠭᠳᠠᠨ᠎ᠠ᠃       ᠡᠶᠢᠮᠤᠷᠬᠦ ᠭᠡᠭᠡᠷ᠎ᠡ ᠶᠢᠨ ᠠᠮᠢᠲᠠᠨ ᠶᠢ ᠠᠪᠤᠷᠠᠨ ᠬᠠᠮᠠᠭᠠᠯᠠᠬᠤ ᠠᠵᠢᠯᠯᠠᠭ᠎ᠠ ᠶᠢ ᠬᠤᠰᠢᠭᠤᠨ ᠤ ᠤᠢ ᠰᠢᠭᠤᠢ ᠨᠤᠳᠤᠭ ᠪᠡᠯᠴᠢᠭᠡᠷ ᠤᠨ ᠲᠤᠪᠴᠢᠶ᠎ᠠ ᠨᠢ ᠨᠢᠳᠤᠨᠤᠨ ᠠᠴᠠ ᠡᠬᠢᠯᠡᠭᠡᠳ 18 ᠤᠳᠠᠭ᠎ᠠ ᠦᠷᠨᠢᠭᠦᠯᠵᠦ᠂ ᠡᠬᠦᠨ ᠳᠤ ᠪᠦᠷᠬᠦᠳ᠂ ᠲᠤᠭᠤᠷᠤᠤ᠂ ᠨᠤᠭᠤᠰᠤ᠂ ᠯᠠᠮ᠎ᠠ ᠰᠢᠪᠠᠭᠤ ᠵᠡᠷᠭᠡ ᠭᠡᠭᠡᠷ᠎ᠡ ᠶᠢᠨ ᠠᠮᠢᠲᠠᠨ ᠢ ᠠᠪᠤᠷᠠᠨ ᠬᠠᠮᠠᠭᠠᠯᠠᠵᠦ᠂ ᠨᠠᠷᠢᠨ ᠨᠢᠮᠪᠠᠢ ᠠᠷᠠᠴᠢᠯᠠᠵᠦ ᠲᠡᠵᠢᠬᠡᠨ ᠡᠬᠡ ᠪᠠᠶᠢᠭᠠᠯᠢ ᠳᠤᠨᠢ ᠪᠤᠴᠠᠭᠠᠬᠰᠡᠨ ᠪᠠᠶᠢᠨ᠎ᠠ᠃ ᠮᠦᠨᠴᠤ ᠬᠡᠬᠡᠷ᠎ᠡ ᠶᠢᠨ ᠠᠮᠢᠲᠠᠨ ᠢ ᠬᠠᠮᠠᠭᠠᠯᠠᠬᠤ ᠤᠬᠠᠭᠤᠯᠭ᠎ᠠ ᠶᠢᠨ ᠬᠠᠭᠤᠳᠠᠰᠤ ᠶᠢ ᠬᠦᠳᠡᠭᠡ ᠤᠷᠤᠨ ᠨᠤᠳᠤᠭ ᠢᠶᠠᠷ ᠲᠠᠷᠬᠠᠭᠠᠵᠦ᠂ ᠬᠦᠮᠦᠰ ᠤᠨ ᠡᠬᠡ ᠪᠠᠶᠢᠭᠠᠯᠢ ᠶᠢᠨ ᠠᠮᠢ  ᠲᠠᠢ ᠪᠦᠬᠦᠨ ᠢ ᠬᠠᠶᠢᠷᠠᠯᠠᠨ ᠬᠠᠮᠠᠭᠠᠯᠠᠬᠤ ᠤᠬᠠᠮᠰᠠᠷ ᠢ ᠲᠡᠭᠡᠭᠰᠢᠯᠡᠬᠦᠯᠵᠦ ᠪᠤᠢ᠃       ᠠᠮᠢ ᠠᠬᠤᠢ ᠪᠠᠨ ᠬᠠᠶᠢᠷᠠᠯᠠᠵᠦ ᠬᠠᠮᠠᠭᠠᠯᠠᠬᠤ ᠪᠤᠯ ᠮᠦᠩᠭᠡ ᠶᠢᠨ ᠰᠡᠳᠤᠪ ᠪᠤᠯᠤᠨ᠎ᠠ᠂ ᠬᠦᠪᠡᠭᠡᠲᠦ ᠰᠢᠷ᠎ᠠ ᠬᠤᠰᠢᠭᠤ  ᠨᠢ ᠠᠮᠢ ᠠᠬᠤᠢ ᠶᠢᠨ ᠪᠦᠳᠦᠭᠡᠨ ᠪᠠᠶᠢᠭᠤᠯᠤᠯᠳᠠ ᠶᠢ ᠰᠠᠶᠢᠳᠤᠷ ᠬᠢᠵᠦ᠂ ᠠᠮᠢ ᠠᠬᠤᠢ ᠶᠢᠨ ᠰᠡᠷᠭᠦᠯᠳᠡ ᠶᠢ ᠪᠠᠳᠤᠯᠠᠨ᠂ ︽ᠠᠷᠪᠠᠨ ᠭᠤᠷᠪᠠᠳᠤᠭᠠᠷ ᠲᠠᠪᠤᠨ ᠵᠢᠯ ︾ ᠤᠨ ᠬᠤᠭᠤᠴᠠᠭᠠᠨ ᠳᠤ 56.45 ᠲᠦᠮᠡᠨ ᠮᠤ᠋ ᠭᠠᠵᠠᠷ ᠢ ᠨᠤᠭᠤᠭᠠᠷᠠᠭᠤᠯᠤᠨ ᠤᠶᠢᠵᠢᠭᠤᠯᠵᠦ᠂ ᠬᠠᠷᠭᠠᠨ᠎ᠠ᠂ ᠲᠡᠰᠬᠡ ᠵᠡᠷᠭᠡ ᠭᠠᠩ ᠬᠠᠭᠤᠷᠠᠢ ᠳᠤ ᠲᠡᠰᠪᠤᠷᠢᠲᠠᠢ ᠤᠷᠭᠤᠮᠠᠯ ᠢ ᠵᠢᠯ ᠲᠠᠷᠠᠭᠠᠯᠠᠨ ᠲᠠᠷᠢᠵᠦ ᠤᠶᠢᠵᠢᠭᠤᠯᠤᠨ᠂ ᠨᠤᠮᠢᠨ ᠨᠤᠭᠤᠭᠠᠨ ᠠᠭᠤᠯᠠ ᠤᠰᠤ ᠪᠤᠯ ᠠᠯᠳᠠ ᠮᠦᠩᠬᠦᠨ ᠠᠭᠤᠯᠠ ᠤᠰᠤ ᠭᠡᠬᠦ ᠤᠶᠢᠯᠭᠠᠭᠳᠠᠬᠤᠨ ᠢ ᠪᠠᠳᠤ ᠡᠵᠡᠮᠰᠢᠵᠦ᠂ ᠤᠷᠭᠤᠮᠠᠯ ᠤᠨ ᠪᠦᠷᠬᠦᠴᠡ ᠶᠢᠨ ᠨᠤᠷᠮ᠎ᠠ ᠳᠡᠭᠡᠭᠰᠢᠯᠡᠵᠤ᠂ ᠠᠮᠢ ᠠᠬᠤᠢ ᠵᠢᠯ ᠳᠠᠷᠠᠭᠠᠯᠠᠨ ᠰᠠᠶᠢᠵᠢᠷᠠᠭᠰᠠᠨ ᠪᠠᠶᠢᠨ᠎ᠠ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号