ᠮᠠᠯᠴᠢᠨ ᠪᠦᠰᠡᠬᠦᠢ ᠶᠢᠨ ᠵᠢᠷᠤᠭᠴᠢᠨ ᠬᠦᠰᠡᠯᠡᠩ
ᠨᠡᠶᠢᠲᠡᠯᠡᠭᠰᠡᠨ ᠴᠠᠭ᠄
2022/8/30
      ᠦᠴᠢᠨᠠᠨ ᠵᠢᠯ ᠤᠨ ᠲᠤᠷᠰᠢᠬᠢ ᠪᠡᠶᠡᠯᠡᠭᠦᠯᠵᠦ ᠳᠡᠶᠢᠯᠦᠭᠡ ᠦᠭᠡᠢ ᠬᠦᠰᠡᠯ ᠮᠦᠷᠦᠭᠡᠳᠦᠯ ᠢᠶᠠᠨ ᠰᠡᠳᠬᠢᠯ ᠳᠡᠭᠡᠨ ᠲᠡᠭᠡᠭᠡᠵᠦ ᠶᠠᠪᠤᠭᠰᠠᠨ ᠮᠠᠯᠴᠢᠨ ᠪᠦᠰᠡᠭᠦᠢ ᠨᠠᠷᠠᠨᠲᠤᠶᠠᠭ᠎ᠠ ᠮᠠᠨᠢ ᠲᠠᠪᠢᠨ ᠨᠠᠰᠤ ᠶᠢ ᠭᠠᠷᠤᠭᠠᠳ ᠭᠡᠷ ᠤᠨ ᠬᠦᠮᠦᠰ ᠤᠨ ᠢᠶᠠᠨ ᠳᠡᠮᠵᠢᠯᠭᠡ ᠵᠤᠷᠢᠭᠵᠢᠭᠤᠯᠤᠯ ᠳᠤᠤᠷ᠎ᠠ ᠦᠪᠡᠷ ᠤᠨ ᠳᠤᠷ᠎ᠠ ᠪᠠᠬ᠎ᠠ ᠲᠠᠢ ᠵᠦᠢᠯ ᠢᠶᠠᠨ ᠡᠬᠢᠯᠡᠭᠦᠯᠦᠨ ᠬᠢᠵᠦ ᠤᠯᠠᠨ ᠬᠦᠮᠦᠰ ᠤᠨ ᠮᠠᠭᠳᠠᠭᠠᠯ ᠰᠠᠶᠢᠰᠢᠶᠠᠯ ᠢ ᠤᠯᠵᠤ ᠶᠠᠪᠤᠨ᠎ᠠ ᠭᠡᠳᠡᠭ ᠬᠡᠴᠢᠨᠠᠨ ᠵᠤᠯᠲᠠᠢ ᠪᠢᠯᠡ᠃      ᠬᠦᠪᠡᠭᠡᠲᠦ ᠰᠢᠷ᠎ᠠ ᠬᠤᠰᠢᠭᠤᠨ ᠤ ᠪᠤᠭᠳᠠ ᠶᠢᠨ ᠭᠤᠤᠯ ᠰᠤᠮᠤᠨ ᠤ ᠬᠠᠰᠢᠶᠠᠲᠤ ᠭᠠᠴᠠᠭ᠎ᠠ ᠪᠠᠷ ᠨᠤᠲᠤᠭᠲᠠᠢ ᠨᠠᠷᠠᠨᠲᠤᠶᠠᠭ᠎ᠠ ᠪᠤᠯ ᠵᠢᠷᠤᠭ ᠵᠢᠷᠤᠬᠤ ᠳᠤᠷ᠎ᠠ ᠪᠠᠭ᠋ᠠᠳᠠᠢ ᠮᠠᠯᠴᠢᠨ ᠬᠦᠮᠦᠨ ᠪᠠᠶᠢᠵᠤ᠂ ᠤᠳᠤ ᠰᠦᠨᠢᠳ ᠪᠠᠷᠠᠭᠤᠨ ᠬᠤᠰᠢᠭᠤᠨ  ᠤ ᠤᠯᠠᠭᠠᠨᠬᠠᠳᠠ ᠭᠠᠴᠠᠭᠠᠨ ᠳᠤ ᠤᠳᠤᠷᠯᠠᠨ ᠭᠠᠵᠠᠷ ᠲᠦᠷᠢᠶᠡᠰᠦᠯᠡᠨ ᠰᠠᠭᠤᠵᠤ ᠪᠠᠶᠢᠨ᠎ᠠ᠃ ᠪᠢᠳᠡᠨ ᠢ ᠬᠦᠷᠬᠦ ᠳᠤ ᠨᠠᠷᠠᠨᠲᠤᠶᠠᠭ᠎ᠠ ᠬᠠᠷᠠᠬᠠᠨ ᠵᠢᠷᠤᠵᠤ ᠪᠠᠷᠠᠭᠠᠳᠤᠢ ᠨᠠᠢᠮᠠᠨ ᠰᠢᠷᠭ᠎ᠠ ᠮᠤᠷᠢ ᠪᠠᠨ ᠵᠢᠷᠤᠵᠤ ᠵᠠᠰᠠᠵᠤ ᠪᠠᠶᠢᠯ᠎ᠠ᠃       ᠨᠠᠷᠠᠨᠳᠤᠶᠠᠭ᠎ᠠ ᠨᠦᠬᠦᠷ ᠪᠠᠲᠤᠨᠠᠰᠤᠨ ᠲᠠᠢ ᠪᠠᠨ ᠦᠬᠡᠷ ᠢᠶᠠᠨ ᠪᠦᠬᠦᠨ ᠢ ᠬᠤᠳᠠᠯᠳᠤᠨ ᠵᠢᠷᠭᠤᠭᠠᠨ ᠵᠠᠭᠤ ᠭᠠᠷᠤᠢ ᠬᠤᠨᠢ ᠮᠠᠯᠵᠢᠵᠤ᠂ ᠵᠠᠪ ᠴᠢᠯᠦᠭᠡ ᠪᠠᠷ ᠢᠶᠠᠨ ᠳᠤᠰᠤᠨ ᠪᠤᠳᠤᠭ ᠤᠨ ᠵᠢᠷᠤᠭ ᠵᠢᠷᠤᠵᠤ᠂ ᠲᠦᠷᠦᠯᠬᠢ ᠠᠪᠢᠶᠠᠰ᠂ ᠬᠤᠷᠴᠠ ᠮᠡᠳᠡᠷᠡᠮᠵᠢ ᠪᠠᠷ ᠢᠶᠠᠨ ᠮᠠᠰᠢ ᠤᠯᠠᠨ ᠳᠤᠰᠤᠨ ᠪᠤᠳᠤᠭ ᠤᠨ ᠪᠦᠲᠦᠭᠡᠯ ᠢᠶᠠᠨ ᠮᠡᠨᠳᠦᠯᠡᠭᠦᠯᠵᠦ᠂ ᠪᠦᠲᠦᠭᠡᠯ ᠨᠢ ᠤᠯᠠᠨ ᠤ ᠲᠠᠭᠠᠰᠢᠶᠠᠯ ᠳᠤ ᠬᠦᠷᠦᠭᠰᠡᠨ ᠪᠢᠯᠡ᠃       ᠨᠠᠷᠠᠨᠲᠤᠶᠠᠭ᠎ᠠ᠄ ︽ᠪᠢ ᠦᠪᠡᠷ ᠢᠶᠠᠨ ᠶᠠᠮᠠᠷᠴᠤ ᠲᠤᠰᠬᠠᠢ ᠮᠡᠷᠭᠡᠵᠢᠯ ᠤᠨ ᠪᠤᠯᠪᠠᠰᠤᠷᠠᠯ ᠬᠦᠷᠲᠡᠵᠦ ᠦᠩᠭᠡᠷᠡᠭᠡ ᠦᠭᠡᠢ᠂ ᠪᠠᠭ᠎ᠠ ᠪᠠᠶᠢᠬᠤ ᠠᠴᠠ ᠪᠠᠨ ᠤᠷᠠᠨ ᠵᠢᠷᠤᠭ ᠲᠤ ᠮᠠᠰᠢ ᠪᠠᠭ᠋ᠠᠲᠠᠢ᠂ ᠨᠤᠮ ᠡᠰᠡᠭᠦᠯ᠎ᠡ ᠲᠧᠯᠸᠢᠰ ᠤᠨ ᠭᠤᠤᠯ ᠪᠠᠭᠠᠲᠤᠷ  ᠢ ᠦᠷᠭᠦᠯᠵᠢ ᠰᠡᠳᠬᠢᠵᠤ ᠵᠢᠷᠤᠳᠠᠭ᠂ ᠭᠡᠪᠡᠴᠦ ᠠᠬᠠᠮᠠᠳ ᠬᠦᠮᠦᠰ ᠡᠨᠡ ᠲᠠᠯ᠎ᠠ ᠪᠠᠷ ᠤᠶᠢᠯᠠᠭᠠᠬᠤ ᠦᠭᠡᠢ᠂ ᠬᠡᠷᠡᠭ ᠦᠭᠡᠢ ᠵᠦᠢᠯ ᠳᠤ ᠴᠠᠭ ᠢᠶᠠᠨ ᠵᠠᠷᠤᠴᠠᠭᠤᠯᠵᠤ ᠪᠠᠶᠢᠨ᠎ᠠ ᠭᠡᠳᠡᠭ︔ ᠲᠡᠷᠡ ᠦᠶ᠎ᠡ ᠶᠢᠨ ᠠᠮᠢᠳᠤᠷᠠᠯ ᠤᠨ ᠨᠦᠬᠦᠴᠡᠯ ᠴᠦ ᠠᠨᠠᠢ ᠠᠴᠠ ᠡᠨᠡᠬᠦ ᠬᠦᠰᠡᠯ ᠢᠶᠠᠨ ᠲᠠᠶᠠᠭᠳᠠᠭᠰᠠᠨ︔ ᠨᠢᠳᠤᠨᠤᠨ ᠵᠢᠯ ᠦᠬᠢᠨ ᠮᠢᠨᠢ ᠨᠠᠮ᠎ᠠ ᠶᠢ ᠳᠡᠮᠵᠢᠵᠤ᠂ ᠲᠤᠰᠤᠨ ᠪᠤᠳᠤᠭ᠂ ᠵᠢᠷᠤᠭ  ᠤᠨ ᠵᠢᠶᠠᠰᠠ ᠠᠴᠠ ᠡᠬᠢᠯᠡᠨ ᠬᠡᠷᠡᠭᠰᠡᠬᠦ ᠵᠦᠢᠯ ᠢ ᠪᠡᠯᠡᠳᠬᠡᠵᠦ᠂ ᠵᠢᠷᠤᠭ ᠵᠢᠷᠤᠬᠤ ᠬᠠᠯᠠᠭᠤᠨ ᠰᠡᠳᠬᠢᠯᠭᠡ ᠶᠢ ᠮᠢᠨᠢ ᠬᠦᠪᠴᠢᠯᠡᠭᠰᠡᠨ ᠠᠴᠠ ᠵᠢᠷᠤᠭ ᠤᠨ ᠪᠢᠷ ᠢᠶᠠᠨ ᠪᠠᠷᠢᠬᠤ ᠪᠠᠷ ᠰᠢᠢᠳᠦᠭᠰᠡᠨ︾ ᠭᠡᠵᠦ  ᠶᠠᠷᠢᠯ᠎ᠠ᠃       ᠨᠢᠳᠤᠨᠤᠨ ᠵᠢᠯ ᠤᠨ ᠨᠠᠮᠤᠷ ᠠᠴᠠ ᠡᠬᠢᠯᠡᠵᠦ ᠨᠠᠷᠠᠨᠲᠤᠶᠠᠭ᠎ᠠ ᠠᠵᠢᠯ ᠤᠨ ᠴᠢᠯᠦᠭᠡ ᠪᠠᠷ ᠢᠶᠠᠨ ᠳᠤᠰᠤᠨ ᠪᠤᠳᠤᠭ ᠵᠢᠷᠤᠵᠤ ᠡᠬᠢᠯᠡᠭᠰᠡᠨ ᠠᠴᠠ ᠵᠢᠯ ᠬᠠᠭᠠᠰ ᠤᠨ ᠬᠤᠭᠤᠷᠤᠠᠳᠤ ᠨᠢᠭᠡᠨᠲᠡ ᠵᠢᠷᠠᠭᠠᠳ ᠲᠤᠰᠤᠨ ᠵᠢᠷᠤᠭ ᠤᠨ ᠪᠦᠲᠦᠭᠡᠯ ᠵᠢᠷᠤᠵᠤ᠂ ᠦᠨᠳᠦᠰᠦᠲᠡᠨ ᠤ ᠤᠨᠴᠠᠯᠢᠭᠲᠤ ᠰᠲ᠋ᠢᠯᠢ ᠶᠢᠨ ᠵᠢᠷᠤᠭ ᠢᠶᠠᠷ ᠭᠤᠤᠯᠳᠠᠵᠤ᠂ ᠦᠪᠡᠷ ᠤᠨ ᠤᠨᠠᠭᠠᠨ ᠪᠠᠭ᠎ᠠ ᠠᠴᠠ ᠪᠠᠨ ᠦᠰᠴᠦ ᠲᠦᠷᠦᠭᠰᠡᠨ ᠤᠷᠴᠢᠨ ᠠᠬᠤᠢ ᠲᠠᠢ ᠪᠠᠨ ᠬᠤᠯᠪᠤᠭᠳᠠᠭᠤᠯᠵᠤ᠂ ᠮᠠᠯᠵᠢᠯ ᠠᠮᠢᠳᠤᠷᠠᠯ ᠠᠴᠠ ᠪᠠᠨ ᠰᠡᠳᠦᠪ ᠠᠪᠴᠤ᠂ ᠨᠤᠲᠤᠭ ᠤᠰᠤ ᠠᠮᠢᠲᠠᠨ ᠭᠤᠤᠯᠲᠠᠨ ᠢᠶᠠᠨ ᠬᠠᠶᠢᠷᠠᠯᠠᠬᠤ᠂ ᠬᠠᠭᠤᠴᠢᠨ ᠦᠯᠢᠭᠡᠷ ᠳᠤᠮᠤᠭ ᠢ ᠠᠮᠢᠯᠠᠭᠤᠯᠬᠤ᠂ ᠬᠡᠤᠬᠡᠳ ᠠᠴᠢᠨᠠᠷ ᠲᠠᠭᠠᠨ ᠵᠤᠷᠢᠭᠤᠯᠤᠭᠰᠠᠨ ᠰᠤᠷᠭᠠᠨ ᠬᠦᠮᠦᠵᠢᠯ ᠪᠦᠬᠦᠢ ᠤᠯᠠᠨ ᠲᠠᠯ᠎ᠠ ᠶᠢ ᠬᠠᠮᠤᠷᠤᠭᠰᠠᠨ ᠵᠢᠷᠤᠭ ᠤᠳ ᠢ ᠵᠢᠷᠤᠭᠰᠠᠨ ᠪᠠᠶᠢᠨ᠎ᠠ᠃      ︽ᠭᠡᠷᠭᠡᠢ ᠮᠠᠨᠢ ᠵᠢᠷᠤᠭ ᠲᠤ ᠮᠠᠰᠢ ᠪᠠᠭ᠋ᠠᠲᠠᠢ᠂ ᠵᠠᠷᠢᠮ ᠳᠤ ᠪᠠᠨ ᠵᠡᠬᠦᠳᠦᠯᠡᠭᠳᠡᠭᠰᠡᠨ ᠵᠦᠢᠯ ᠢᠶᠠᠨ ᠲᠡᠷᠡ ᠳᠤᠤᠷᠬᠠᠨ  ᠢᠶᠠᠨ ᠪᠤᠰᠤᠭᠠᠳ ᠵᠢᠷᠤᠨ᠎ᠠ︔ ᠮᠠᠨ ᠤ ᠤᠲᠤᠷ ᠤᠨ ᠭᠠᠵᠠᠷ ᠴᠠᠬᠢᠯᠭᠠᠨ ᠦᠭᠡᠢ ᠲᠤᠯᠠ ᠨᠠᠳᠠ ᠪᠠᠷ ᠯᠠ ᠪᠠᠷᠢᠭᠤᠯᠵᠤ ᠵᠢᠷᠤᠨ᠎ᠠ︔ ᠭᠡᠷᠭᠡᠢ ᠮᠠᠨᠢ ᠵᠢᠷᠤᠭᠠᠳ ᠡᠬᠢᠯᠡᠪᠡᠯ ᠰᠦᠨᠢᠵᠢᠯᠡᠨ ᠵᠢᠷᠤᠵᠤ᠂ ᠳᠠᠭᠠᠷᠠᠵᠤ ᠪᠡᠭᠡᠷᠡᠬᠦ᠂ ᠦᠯᠦᠰᠴᠦ ᠤᠮᠳᠠᠭᠠᠰᠬᠤ  ᠪᠠᠨ ᠴᠦ ᠮᠠᠷᠲᠠᠴᠢᠬᠠᠳᠠᠭ︔ ᠵᠠᠷᠢᠮ ᠳᠤ ᠪᠠᠨ ᠨᠠᠳᠠ ᠪᠠᠷ ᠮᠤᠳᠧᠯ ᠪᠤᠯᠭᠠᠵᠤ ᠶᠠᠩᠵᠤ ᠪᠦᠷᠢ ᠶᠢᠨ ᠨᠢᠭᠤᠷ ᠤᠨ ᠢᠯᠡᠷᠡᠯ᠂ ᠬᠦᠳᠡᠯᠭᠡᠭᠡᠨ ᠭᠠᠷᠭᠠᠭᠤᠯᠵᠤ ᠪᠠᠶᠢᠭᠠᠳ ᠲᠡᠭᠦᠨ ᠠᠴᠠ ᠪᠠᠨ ᠰᠡᠳᠦᠪᠯᠡᠨ ᠵᠢᠷᠤᠳᠠᠭ︾ ᠭᠡᠵᠦ ᠨᠦᠬᠦᠷ ᠪᠠᠲᠤᠨᠠᠰᠤᠨ ᠨᠢ ᠶᠠᠷᠢᠯ᠎ᠠ᠃      ᠡᠨᠡ ᠵᠢᠯ ᠤᠨ 7 ᠰᠠᠷ᠎ᠠ ᠳᠤ ᠨᠠᠷᠠᠨᠲᠤᠶᠠᠭ᠎ᠠ ᠨᠦᠬᠦᠷ ᠤᠨ ᠢᠶᠠᠨ ᠳᠡᠮᠵᠢᠯᠭᠡ ᠪᠠᠷ ᠬᠦᠪᠡᠭᠡᠲᠦ ᠰᠢᠷ᠎ᠠ ᠬᠤᠰᠢᠭᠤᠨ ᠤ ᠬᠤᠶᠠᠳᠤᠭᠠᠷ ᠳᠤᠮᠳᠠᠳᠤ ᠰᠤᠷᠭᠠᠭᠤᠯᠢ ᠳᠤ ᠲᠤᠰᠤᠨ ᠵᠢᠷᠤᠭ ᠤᠨ ᠳᠡᠯᠭᠡᠨ ᠦᠵᠡᠭᠦᠯᠦᠯᠭᠡ ᠬᠢᠵᠦ ᠨᠡᠶᠢᠲᠡ ᠵᠢᠷᠠᠭᠠᠳ ᠪᠦᠲᠦᠭᠡᠯ ᠢᠶᠠᠨ ᠳᠡᠯᠭᠡᠨ ᠦᠵᠡᠭᠦᠯᠵᠦ᠂ ᠮᠠᠯᠴᠢᠨ ᠪᠦᠰᠡᠬᠦᠢ ᠶᠢᠨ ᠭᠠᠷ ᠠᠴᠠ ᠭᠠᠷᠤᠭᠰᠠᠨ ᠭᠡᠵᠤ ᠢᠲᠡᠭᠡᠮᠡᠷ ᠦᠭᠡᠢ ᠤᠷᠠᠨ ᠭᠤᠶᠤ ᠳᠤᠰᠤᠨ ᠪᠤᠲᠤᠭ ᠤᠨ ᠪᠦᠲᠦᠭᠡᠯ ᠢᠶᠠᠷ ᠢᠶᠠᠨ ᠤᠯᠠᠨ ᠤ ᠬᠠᠷᠠᠭ᠎ᠠ ᠶᠢ ᠮᠢᠯᠢᠶᠠᠵᠤ᠂ ᠭᠠᠶᠢᠬᠠᠰᠢ ᠶᠢ ᠠᠯᠳᠠᠭᠤᠯᠵᠤ ᠪᠢᠯᠠ᠃      ᠨᠠᠷᠠᠨᠲᠤᠶᠠᠭ᠎ᠠ ᠶᠢᠨ ᠲᠤᠰᠤᠨ ᠵᠢᠷᠤᠭ ᠨᠢ ᠸᠢᠴᠠᠲ ᠬᠤᠯᠪᠤᠭ᠎ᠠ ᠪᠠᠷ ᠳᠠᠮᠵᠢᠭᠳᠠᠨ ᠤᠶᠢᠷ᠎ᠠ ᠬᠠᠪᠢ ᠶᠢᠨ ᠬᠤᠰᠢᠭᠤ ᠰᠢᠶᠠᠨ ᠳᠤ ᠨᠠᠯᠢᠶᠡᠳ ᠠᠯᠳᠠᠷᠰᠢᠵᠤ᠂ ᠬᠦᠮᠦᠰ ᠲᠡᠭᠦᠨ ᠢ ᠡᠷᠢᠨ ᠪᠦᠲᠦᠭᠡᠯ ᠢ ᠨᠢ ᠠᠪᠬᠤ ᠪᠠᠷ ᠬᠠᠷᠢᠯᠴᠠᠨ᠂ ᠤᠳᠤ ᠪᠤᠯᠬᠤ  ᠳᠤ ᠨᠢᠭᠡᠨᠲᠡ ᠲᠦᠴᠢᠭᠡᠳ ᠲᠤᠰᠤᠨ ᠪᠤᠳᠤᠭ ᠤᠨ ᠵᠢᠷᠤᠭ ᠬᠤᠳᠠᠯᠳᠤᠨ ᠳᠦᠷᠪᠡᠨ ᠲᠦᠮᠡᠨ ᠲᠦᠭᠦᠷᠢᠭ ᠤᠨ ᠤᠷᠤᠯᠭ᠎ᠠ ᠡᠭᠦᠳᠴᠠᠢ᠃      ᠨᠠᠷᠠᠨᠲᠤᠶᠠᠭ᠎ᠠ᠄ ︽ᠪᠢ ᠲᠠᠪᠤᠨ ᠦᠩᠭᠡ ᠶᠢᠨ ᠪᠤᠲᠤᠭ ᠬᠤᠳᠠᠯᠳᠤᠨ ᠠᠪᠴᠤ ᠬᠤᠯᠢᠵᠤ ᠨᠠᠶᠢᠷᠠᠯᠠᠭᠤᠯᠤᠭᠠᠳ ᠭᠤᠴᠢᠨ ᠬᠡᠳᠦᠨ ᠵᠦᠢᠯ ᠤᠨ ᠦᠩᠭᠡ ᠭᠠᠷᠭᠠᠵᠤ ᠵᠢᠷᠤᠭ ᠢᠶᠠᠨ ᠵᠢᠷᠤᠳᠠᠭ︔ ᠪᠤᠳᠤᠭ ᠨᠠᠶᠢᠷᠠᠯᠠᠭᠤᠯᠬᠤ ᠶᠢ ᠲᠤᠰᠬᠠᠢ ᠰᠤᠷᠴᠤ ᠦᠩᠭᠡᠷᠡᠭᠡ ᠦᠭᠡᠢ ᠴᠤ ᠡᠪ ᠵᠦᠢ ᠶᠢ ᠨᠢ ᠬᠤᠷᠳᠤᠨ ᠤᠯᠤᠭᠰᠠᠨ︔ ᠵᠢᠷᠤᠭ ᠲᠤ ᠪᠠᠭ᠋ᠠᠳᠠᠢ ᠵᠠᠯᠠᠭᠤᠴᠤᠳ ᠴᠦ ᠨᠠᠳᠠ ᠠᠴᠠ ᠦᠩᠭᠡ ᠨᠠᠶᠢᠷᠠᠯᠠᠭᠤᠯᠬᠤ᠂ ᠤᠨᠴᠠᠭᠠᠶᠢᠯᠠᠨ ᠬᠦᠮᠦᠨ ᠤ ᠨᠢᠭᠤᠷ ᠤᠨ ᠭᠡᠰᠡᠭ ᠢ ᠶᠠᠭᠠᠬᠢᠵᠤ ᠵᠢᠷᠤᠬᠤ ᠲᠤᠬᠠᠢ ᠰᠤᠷᠬᠤ ᠪᠠᠷ ᠢᠷᠡᠳᠡᠭ︾ ᠭᠡᠵᠦ ᠪᠠᠶᠢᠯ᠎ᠠ᠃     ᠤᠷᠴᠢᠮᠬᠠᠨ ᠨᠠᠷᠠᠨᠲᠤᠶᠠᠭ᠎ᠠ ᠬᠦᠪᠡᠭᠡᠲᠦ ᠰᠢᠷ᠎ᠠ ᠬᠤᠰᠢᠭᠤᠨ ᠤ ᠨᠤᠮ ᠤᠨ ᠰᠠᠩ ᠳᠤ ᠨᠤᠮ ᠤᠩᠰᠢᠬᠤ ᠪᠠᠷ ᠰᠡᠳᠦᠪᠯᠡᠭᠰᠡᠨ ᠵᠢᠷᠤᠭ ᠢᠶᠠᠨ ᠬᠠᠷᠠᠮ ᠦᠭᠡᠢ ᠬᠠᠨᠳᠢᠪᠯᠠᠵᠣ᠂ ᠢᠯᠡᠭᠦᠬᠡᠨ ᠨᠤᠮ ᠤᠩᠰᠢᠵᠤ ᠡᠷᠳᠡᠮ ᠮᠡᠳᠡᠯᠭᠡ ᠪᠠᠷ ᠪᠡᠶ᠎ᠡ ᠪᠠᠨ ᠴᠢᠮᠡᠬᠦ ᠶᠢ ᠰᠤᠷᠲᠠᠯᠴᠢᠯᠠᠭᠰᠠᠨ ᠪᠠᠶᠢᠨ᠎ᠠ᠃ ᠤᠤᠯ ᠠᠴᠠ ᠪᠠᠨ ᠭᠠᠷ ᠤᠷᠠᠨ ᠨᠠᠷᠠᠨᠲᠤᠶᠠᠭ᠎ᠠ ᠮᠠᠨᠢ ᠲᠤᠰᠤᠨ ᠵᠢᠷᠤᠭ ᠠᠴᠠ ᠭᠠᠳᠠᠨ᠎ᠠ ᠴᠢᠯᠠᠭᠤᠨ ᠰᠡᠶᠢᠯᠦᠮᠡᠯ᠂ ᠶᠠᠰᠤᠨ ᠰᠡᠶᠢᠯᠦᠮᠡᠯ ᠢ ᠴᠦ ᠰᠠᠶᠢᠬᠠᠨ ᠤᠷᠠᠯᠠᠳᠠᠭ ᠢᠶᠠᠷ ᠢᠶᠠᠨ ᠬᠦᠪᠡᠭᠡᠲᠦ ᠰᠢᠷ᠎ᠠ ᠬᠤᠰᠢᠭᠤᠨ ᠤ ᠲᠠᠮᠢᠷ ᠤᠨ ᠤᠷᠳᠤᠨ ᠤ ᠴᠢᠯᠠᠭᠤᠨ ᠰᠡᠶᠢᠯᠦᠮᠡᠯ ᠤᠨ ᠦᠵᠡᠭᠦᠯᠦᠯᠭᠡ ᠳᠤ ᠲᠡᠭᠦᠨ ᠤ ᠰᠡᠶᠢᠯᠦᠭᠰᠡᠨ ᠴᠢᠯᠠᠭᠤᠨ ᠰᠡᠶᠢᠯᠦᠮᠡᠯ ᠤᠨ ᠪᠦᠲᠦᠭᠡᠯ ᠠᠴᠠ ᠴᠦ ᠳᠡᠯᠭᠡᠭᠳᠡᠭᠰᠡᠨ ᠪᠠᠶᠢᠳᠠᠭ᠃     ᠨᠠᠷᠠᠨᠳᠤᠶᠠᠭ᠎ᠠ ᠶᠢᠨ ᠪᠦᠲᠦᠭᠡᠯ ᠢ ᠰᠤᠨᠢᠷᠬᠠᠵᠤ ᠠᠰᠠᠭᠤᠵᠤ ᠪᠠᠶᠢᠬᠤ ᠳᠤ ᠪᠠᠨ ᠶᠠᠮᠠᠷᠴᠦ ᠬᠡᠮᠵᠢᠯᠲᠡ ᠳᠦᠰᠦᠪ ᠬᠢᠬᠦ ᠦᠭᠡᠢ ᠪᠠᠷ ᠪᠢᠷ ᠪᠠᠷᠢᠮᠠᠭᠴᠠ ᠵᠢᠷᠤᠭᠠᠳ ᠵᠢᠷᠤᠭ ᠢᠶᠠᠨ ᠶᠠᠪ ᠴᠠᠪ ᠪᠠᠭᠳᠠᠭᠠᠬᠤ᠂ ᠵᠡᠬᠦᠨ ᠪᠠᠷᠠᠭᠤᠨ ᠭᠠᠷ ᠢᠶᠠᠷ ᠢᠶᠠᠨ ᠰᠤᠯᠢᠵᠤ ᠵᠢᠷᠤᠳᠠᠭ ᠠᠪᠢᠶᠠᠰ ᠡᠷᠳᠡᠮ ᠢ ᠨᠢ ᠪᠠᠭ᠋ᠠᠳᠤᠨ᠂ ᠮᠢᠩᠭᠠᠨ ᠠᠪᠢᠶᠠᠰ ᠲᠦᠮᠡᠨ ᠮᠡᠷᠭᠡᠵᠢᠯ ᠢᠶᠠᠨ ᠨᠢᠭᠤᠴᠠᠯᠠᠨ᠂ ᠮᠠᠯ  ᠤᠨ ᠳᠤᠯᠠᠭᠠᠨ ᠪᠤᠶᠠᠨ ᠳᠦᠰᠢᠵᠤ᠂ ᠠᠭᠤᠳᠠᠮ ᠲᠠᠯ᠎ᠠ ᠳᠤ ᠪᠠᠨ ᠠᠵᠤ ᠲᠦᠷᠦᠬᠦ ᠵᠠᠶᠠᠭ᠎ᠠ ᠲᠦᠭᠡᠷᠭᠡ ᠶᠢ ᠰᠤᠩᠭᠤᠭᠰᠠᠨ ᠦᠢ ᠤᠯᠠᠨ ᠮᠠᠯᠴᠢᠨ ᠲᠦᠮᠡᠨ ᠤ ᠮᠢᠨᠢ ᠳᠤᠮᠳᠠ ᠨᠠᠷᠠᠨᠳᠤᠶᠠᠭ᠎ᠠ ᠰᠢᠭ᠋ ᠪᠠᠶᠢᠭᠠᠯᠢ ᠠᠴᠠ ᠵᠠᠶᠠᠭᠠᠭᠰᠠᠨ ᠰᠤᠳᠤᠨ ᠮᠡᠳᠡᠷᠡᠮᠵᠢ᠂ ᠤᠢ ᠤᠬᠠᠭᠠᠨ ᠲᠠᠢ ᠬᠦᠮᠦᠰ ᠬᠡᠴᠢᠨᠡᠨ ᠪᠠᠶᠢᠬᠤ ᠪᠤᠯ ᠳ᠋ᠠ ᠬᠡᠮᠡᠨ ᠦᠪᠡᠷ ᠤᠨ ᠡᠷᠬᠡ ᠦᠭᠡᠢ ᠪᠤᠳᠤᠵᠤ ᠪᠢᠯᠡ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号