ᠬᠦᠳᠡᠭᠡ ᠪᠠᠨ ᠪᠣᠴᠠᠬᠰᠠᠨ ᠵᠠᠯᠠᠭᠤ ᠬᠤᠣᠰ ᠤᠨ  ︽ᠠᠮᠢᠳᠣᠷᠠᠯ ᠤᠨ ᠣᠬᠠᠭᠠᠨ︾
ᠨᠡᠶᠢᠲᠡᠯᠡᠭᠰᠡᠨ ᠴᠠᠭ᠄
2023/11/7
ᠬᠦᠳᠡᠭᠡ ᠪᠠᠨ ᠪᠣᠴᠠᠬᠰᠠᠨ ᠵᠠᠯᠠᠭᠤ ᠬᠤᠣᠰ ᠤᠨ  ︽ᠠᠮᠢᠳᠣᠷᠠᠯ ᠤᠨ ᠣᠬᠠᠭᠠᠨ︾          ᠬᠠᠮ ᠵᠠᠭᠤᠴᠢᠯᠠᠭᠤᠷ ᠤᠨ ᠰᠤᠷᠪᠤᠯᠵᠢᠯᠠᠭᠴᠢ ᠲᠣᠷᠠᠨ᠎ᠠ ᠲᠠᠩᠭᠢᠰ ᠬᠦᠪᠡᠬᠡᠳᠣ ᠰᠢᠷ᠎ᠡ ᠬᠤᠰᠢᠭᠤᠨ ᠤ ᠪᠠᠶᠠᠨᠳᠠᠯ᠎ᠠ ᠪᠠᠯᠭᠠᠰᠣᠨ ᠤ ᠭᠦᠰᠡᠭᠦᠢ ᠭᠠᠴᠠᠭᠠᠨ ᠤ ᠴᠠᠩᠬᠡᠯᠪᠡᠶᠡᠷ᠂ ᠠᠯᠳᠠᠩᠭᠤᠸ᠎ᠠ ᠬᠤᠶᠡᠷ ᠪᠤᠯ ᠬᠤᠰᠢᠭᠤᠨ ᠲᠦᠪ ᠲᠤ ᠬᠦᠯᠦᠰᠦᠨ ᠠᠵᠢᠯ᠂ ᠲᠦᠷ ᠴᠠᠭ ᠤᠨ ᠠᠵᠢᠯ ᠬᠢᠵᠤ ᠪᠠᠶᠢᠭᠰᠠᠨ ᠠᠴᠠ ᠪᠠᠨ ᠬᠦᠳᠡᠭᠡ  ᠪᠠᠨ ᠪᠣᠴᠠᠵᠣ ᠮᠠᠯᠵᠢᠬᠤ ᠠᠮᠢᠳᠣᠷᠠᠯ ᠢᠶᠠᠨ ᠴᠣᠬᠴᠠᠯᠠᠵᠦ᠂ ᠰᠢᠨ᠎ᠡ ᠡᠷᠢᠨ ᠤ ᠵᠠᠯᠠᠭᠤ ᠮᠠᠯᠴᠢᠳ ᠤᠨ ᠴᠤᠭ ᠵᠣᠯᠪᠣᠭ᠎ᠠ ᠪᠠᠨ ᠪᠠᠳᠠᠷᠠᠭᠤᠯᠵᠦ ᠶᠠᠪᠤᠭ᠎ᠠ ᠬᠤᠤᠰ ᠪᠤᠯᠤᠨ᠎ᠠ᠃ ᠨᠠᠪᠴᠢᠰ ᠰᠢᠷᠭᠠᠯᠳᠣᠬᠰᠠᠨ ᠨᠠᠮᠣᠷ ᠤᠨ ᠲᠣᠮᠳᠠ ᠰᠡᠷ᠎ᠡ ᠪᠠᠷ ᠰᠣᠷᠪᠣᠯᠵᠢᠯᠠᠬᠴᠢ ᠴᠠᠩᠬᠡᠯᠪᠡᠶᠡᠷ ᠤᠨ ᠬᠢᠨ ᠳᠤ ᠬᠦᠷᠬᠦ ᠳᠤ᠂ ᠴᠡᠪᠡᠷ ᠲᠣᠬᠢᠯᠢᠭ ᠬᠡᠷ ᠪᠠᠶᠢᠰᠢᠩ ᠤᠨ ᠲᠣᠳᠣᠨ᠎ᠠ ᠭᠠᠳᠠᠨ᠎ᠠ ᠴᠠᠭ ᠦᠶ᠎ᠡ ᠪᠠᠨ ᠳᠠᠭᠠᠭᠰᠠᠨ ᠰᠠᠶᠢᠬᠠᠨ ᠡᠳ᠋ᠯᠡᠯ ᠬᠡᠷᠡᠭᠰᠠᠯ᠂ ᠮᠠᠰᠢᠨ ᠲᠦᠬᠦᠬᠡᠷᠣᠮᠵᠢ ᠬᠠᠷᠠᠭᠳᠠᠵᠤ᠂ ᠰᠢᠨ᠎ᠡ ᠴᠠᠭ ᠤᠨ ᠮᠠᠯᠴᠢᠨ ᠠᠶᠢᠯ ᠤᠨ ᠲᠦᠷᠭᠦ ᠶᠢ ᠭᠦᠮᠦᠰ ᠲᠤ ᠢᠯᠡᠭᠡᠨ ᠬᠠᠷᠠᠭᠤᠯᠤᠨ᠎ᠠ᠃ᠡᠳᠡᠨᠡᠶᠢᠭᠢᠨ ᠡᠨᠡ ᠵᠢᠯ ᠵᠢᠷᠠᠭᠠᠳ ᠰᠢᠮᠧᠨ᠋ᠲ᠋ᠠᠷ ᠦᠭᠡᠷ ᠡᠪᠦᠯᠵᠢᠭᠦᠯᠭᠦ ᠪᠠᠷ ᠪᠠᠶᠢᠵᠦ᠂ ᠣᠳᠣᠬᠠᠨ ᠳᠤ ᠡᠪᠡᠰᠦ ᠪᠣᠷᠳᠤᠭ᠎ᠠ ᠪᠠᠨ ᠦᠨᠳᠦᠰᠦᠨ ᠳᠡᠭᠡᠨ ᠪᠡᠯᠡᠳᠭᠡᠵᠦ ᠲᠦᠭᠦᠭᠡᠷᠦᠨ᠂ ᠮᠠᠯ ᠤᠨ ᠭᠠᠷᠭᠠᠯᠳᠠ ᠶᠢᠨ ᠠᠵᠢᠯ ᠢᠶᠠᠨ ᠱᠠᠯᠠᠪᠳᠠᠨ ᠭᠢᠵᠦ ᠪᠠᠶᠢᠨ᠎ᠠ᠃ ︽ᠦᠨᠣ ᠵᠢᠯ ᠤᠨ ᠡᠪᠣᠯ ᠤᠨ ᠪᠠᠯᠠᠳᠬᠡᠯ 70 ᠭᠠᠷᠣᠢ ᠲᠣᠨ ᠡᠪᠡᠰᠣ ᠠᠪᠴᠢᠬᠠᠬᠰᠠᠨ᠂ 200 ᠭᠠᠷᠣᠢ ᠲᠣᠨ ᠨᠣᠭᠤᠭᠠᠨ ᠲᠠᠷᠣᠰᠢ ᠲᠠᠷᠣᠴᠢᠬᠠᠭᠠᠳ᠂ 30 ᠭᠠᠷᠣᠢ ᠲᠣᠨ ᠪᠣᠷᠳᠣᠭᠤᠷ ᠵᠠᠬᠢᠶᠠᠯᠠᠴᠢᠬᠠᠬᠰᠠᠨ︔ ᠣᠳᠣ ᠭᠤᠴᠢ ᠭᠠᠷᠣᠢ ᠲᠣᠭᠤᠯ ᠪᠢᠷᠠᠭᠤ ᠬᠤᠳᠠᠯᠳᠣᠬᠤ ᠰᠠᠨᠠᠭᠠᠲᠠᠢ᠂ ᠭᠠᠷᠭᠠᠯᠳᠠ ᠮᠠᠭᠤ ᠪᠣᠯ ᠡᠪᠡᠰᠣ ᠪᠣᠷᠳᠣᠭᠤᠷ ᠨᠠᠮᠠᠵᠣ ᠠᠪᠣᠨ᠎ᠠ︔ ᠵᠢᠷᠠᠨ ᠦᠬᠡᠷ ᠤᠨ ᠪᠠᠯᠠᠳᠬᠡᠯ ᠢᠶᠠᠨ ᠦᠨᠳᠣᠰᠣᠨ ᠳᠤ ᠪᠠᠨ ᠬᠢᠴᠢᠬᠡᠭᠰᠠᠨ︾ ᠭᠡᠵᠤ ᠴᠠᠩᠬᠡᠯᠪᠡᠶᠡᠷ ᠶᠠᠷᠢᠯ᠎ᠠ᠃ᠣᠶᠢᠷ᠎ᠡ ᠶᠢᠨ ᠵᠢᠯ ᠠᠴᠠ ᠮᠠᠯ ᠤᠨ ᠦᠨ᠎ᠠ ᠬᠠᠩᠰᠢ ᠪᠠᠭᠤᠷᠠᠵᠣ᠂ ᠡᠪᠡᠰᠣ ᠪᠣᠷᠳᠣᠭᠠᠨ ᠤ ᠦᠨ᠎ᠠ ᠬᠠᠩᠰᠢ ᠦᠰᠣᠭ᠍ᠰᠠᠨ ᠵᠡᠷᠬᠡ ᠪᠠᠶᠢᠳᠠᠯ ᠲᠣᠣᠷ᠎ᠡ᠂ ᠮᠠᠯ ᠠᠵᠣ ᠠᠬᠤᠢ ᠪᠠᠨ ᠬᠡᠷᠬᠢᠨ ᠬᠦᠭᠵᠢᠬᠦᠯᠣᠨ᠎ᠠ ᠬᠡᠰᠠᠨ ᠮᠠᠯᠴᠢᠳ ᠤᠨ ᠠᠮᠢᠳᠣᠷᠠᠯ ᠤᠨ ᠲᠣᠮᠳᠡᠬᠢ ᠲᠣᠪᠣᠶᠢᠮ᠎ᠠ ᠠᠰᠠᠭᠤᠳᠠᠯ ᠳᠤ ᠴᠢᠭᠯᠡᠭᠦᠯᠦᠨ᠂ ᠴᠠᠩᠬᠡᠯᠪᠡᠶᠡᠷ ᠠᠯᠳᠠᠩᠭᠤᠸ᠎ᠠ ᠬᠤᠶᠠᠭᠤᠯᠠ  ᠦᠪᠡᠷ ᠤᠨ 1600 ᠭᠠᠷᠣᠢ ᠮᠣ᠋ ᠨᠣᠳᠤᠭ ᠪᠠᠯᠴᠢᠬᠡᠷ ᠲᠡᠬᠡᠷ᠎ᠡ ᠪᠠᠨ 2000 ᠭᠠᠷᠣᠢ ᠮᠦ ᠨᠣᠳᠤᠭ ᠪᠠᠯᠴᠢᠬᠡᠷ ᠲᠦᠷᠢᠶᠠᠰᠣᠯᠠᠨ᠂ ᠨᠣᠳᠤᠭ ᠪᠠᠯᠴᠢᠬᠡᠷ ᠪᠣᠯᠣᠨ ᠬᠦᠳᠠᠯᠮᠣᠷᠢ ᠬᠦᠴᠣ ᠳᠡᠭᠡᠨ ᠲᠣᠬᠢᠷᠠᠭᠤᠯᠣᠨ᠂ ᠦᠷ᠎ᠡ ᠠᠰᠢᠭ ᠦᠨᠳᠣᠷ ᠪᠦᠬᠦᠢ ᠮᠠᠯᠵᠢᠯ ᠦᠢᠯᠡᠳᠪᠣᠷᠢᠯᠡᠯ ᠤᠨ ᠠᠷᠭ᠎ᠠ ᠵᠠᠮ  ᠢ ᠡᠷᠢᠯᠬᠢᠯᠡᠬᠦ ᠲᠡᠬᠡᠷ᠎ᠡ ᠣᠬᠠᠭ᠎ᠠ ᠬᠦᠳᠠᠯᠮᠣᠷᠢ ᠪᠠᠨ ᠵᠠᠷᠣᠴᠠᠭᠤᠯᠵᠣ᠂ 2018 ᠣᠨ ᠠᠴᠠ ᠰᠢᠯᠢᠳᠡᠭ ᠡᠬᠦᠯᠳᠡᠷ ᠤᠨ ᠰᠢᠮᠧᠨ᠋ᠲ᠋ᠠᠷ ᠦᠬᠡᠷ ᠮᠠᠯᠵᠢᠬᠤ ᠵᠠᠮ ᠢᠶᠠᠷ ᠵᠠᠮᠨᠠᠵᠣ᠂ 2020 ᠣᠨ ᠳᠤ ︽ᠮᠠᠯᠴᠢᠨ︾ ᠬᠡᠷ ᠪᠦᠯᠢ ᠶᠢᠨ ᠮᠠᠯᠵᠢᠯ ᠤᠨ ᠲᠠᠯᠠᠪᠠᠢ ᠶᠢ ᠪᠠᠶᠢᠭᠤᠯᠵᠣ᠂ 2021 ᠣᠨ ᠳᠤ 1100 ᠭᠠᠷᠣᠢ ᠲᠡᠭᠰᠢ ᠲᠦᠷᠪᠠᠯᠵᠢᠨ ᠮᠧᠲᠷ ᠪᠦᠬᠦᠢ ᠲᠦᠷᠣᠯ ᠵᠦᠢᠯ ᠤᠨ ᠫᠧᠩ ᠬᠤᠷᠤᠭ᠎ᠠ ᠪᠣᠯᠣᠨ ᠮᠠᠯ ᠲᠡᠵᠢᠬᠡᠬᠦ ᠮᠠᠰᠢᠨ ᠲᠦᠬᠦᠬᠡᠷᠣᠮᠵᠢ ᠪᠦᠬᠦᠢ ᠰᠠᠭᠤᠷᠢ ᠪᠦᠳᠣᠬᠡᠨ ᠪᠠᠶᠢᠭᠤᠯᠣᠯᠳᠠ ᠪᠠᠨ ᠣᠯᠠᠮ ᠨᠢᠬᠡ ᠠᠯᠬᠤᠮ ᠪᠦᠷᠢᠨᠰᠢᠬᠦᠯᠣᠨ ᠮᠠᠯ ᠠᠵᠣ ᠠᠬᠤᠢ ᠶᠢᠨ ᠬᠦᠭᠵᠢᠯᠳᠠ ᠳᠡᠭᠡᠨ ᠪᠠᠳᠣ ᠪᠠᠬᠢ ᠰᠠᠭᠤᠷᠢ ᠲᠠᠯᠪᠢᠬᠰᠠᠨ ᠢᠶᠠᠷ ᠪᠠᠷᠠᠬᠤ ᠦᠭᠡᠢ ᠴᠠᠩᠬᠡᠯᠪᠡᠶᠡᠷ ᠬᠤᠰᠢᠭᠤᠨ ᠤ ᠪᠠᠨ ᠬᠠᠮᠢᠶ᠎ᠠ ᠪᠦᠬᠦᠢ ᠮᠡᠷᠭᠡᠵᠢᠯ ᠤᠨ ᠪᠣᠯᠪᠠᠰᠣᠷᠠᠯ ᠳᠤ ᠣᠷᠣᠯᠴᠠᠨ᠂ ᠭᠠᠷ ᠬᠡᠬᠡᠯᠳᠣᠯᠬᠡ ᠬᠢᠬᠦ ᠵᠡᠷᠭᠡ ᠮᠡᠷᠬᠡᠵᠢᠯ ᠢ ᠰᠣᠷᠣᠯᠴᠠᠵᠣ 2022 ᠣᠨ ᠠᠴᠠ ᠦᠬᠡᠷ ᠤᠨ ᠰᠦᠷᠣᠭ᠌ ᠲᠤ ᠪᠠᠨ ᠭᠠᠷ ᠬᠡᠬᠡᠯᠳᠣᠯᠬᠡ ᠬᠢᠵᠤ ᠭᠡᠭᠡᠯ ᠲᠣᠬᠳᠠᠬᠰᠠᠨ ᠨᠣᠷᠮ᠎ᠠ ᠨᠢ 85% ᠠᠴᠠ 90% ᠳᠤ  ᠭᠦᠷᠦᠭᠰᠡᠨ ᠪᠠᠶᠢᠨ᠎ᠠ᠃ ︽ᠬᠤᠶᠢᠰᠢᠳᠠ ᠪᠢ ᠡᠬᠦᠨ ᠤ ᠪᠠᠨ ᠰᠠᠭᠤᠷᠢᠨ ᠲᠡᠬᠡᠷ᠎ᠡ᠂ ᠰᠦᠷᠦᠭ ᠤᠨ ᠢᠶᠠᠨ ᠡᠬᠦᠯᠳᠡᠷ ᠢ ᠣᠯᠠᠮ ᠰᠠᠶᠢᠵᠢᠷᠠᠭᠤᠯᠵᠤ᠂ ᠮᠠᠯᠵᠢᠬᠤ ᠦᠢᠯᠡᠳᠪᠦᠷᠢᠯᠡᠯ ᠤᠨ ᠦᠪᠡᠷ ᠤᠨ ᠦᠷᠳᠡᠭ ᠢᠶᠠᠨ ᠲᠣᠷᠣᠬᠰᠢᠯᠠᠭᠤᠯᠣᠨ᠎ᠠ︔ ᠰᠢᠨ᠎ᠠ ᠴᠠᠭ ᠦᠶ᠎ᠡ ᠶᠢᠨ ᠰᠢᠨᠵᠢᠯᠡᠬᠦ ᠣᠬᠠᠭᠠᠨᠴᠢ ᠮᠡᠷᠬᠡᠵᠢᠯ ᠢ ᠮᠠᠯᠵᠢᠬᠤ ᠦᠢᠯᠡᠳᠪᠦᠷᠢᠯᠡᠯ ᠳᠤ ᠪᠠᠨ ᠠᠰᠢᠭᠯᠠᠨ᠎ᠠ︔ ᠮᠠᠯ ᠤᠨ ᠭᠠᠷᠭᠠᠯᠳᠠ ᠪᠣᠭᠤᠬᠳᠠᠮᠠᠯ ᠪᠠᠶᠢᠨ᠎ᠠ︔ ᠵᠠᠪᠠᠯ ᠠᠷᠠᠯᠵᠢᠶᠠᠴᠢᠨ ᠮᠠᠶᠢᠮᠠᠶᠢᠴᠢᠨ ᠳᠤ ᠦᠭᠬᠦ ᠣᠴᠢᠷ ᠠᠴᠠ ᠦᠨ᠎ᠠ ᠬᠠᠩᠰᠢ ᠲᠠᠷᠣᠬᠳᠠᠨ᠎ᠠ︔ ᠡᠶᠢᠮᠣᠷᠬᠦᠦ ᠪᠠᠶᠢᠳᠠᠯ ᠲᠣᠣᠷ᠎ᠠ ᠦᠪᠡᠷ ᠤᠨ ᠮᠠᠯ ᠢᠶᠠᠨ ᠪᠣᠷᠳᠣᠨ ᠲᠠᠷᠭᠤᠯᠠᠭᠤᠯᠣᠭᠠᠳ ᠵᠠᠷᠤᠵᠤ ᠬᠤᠳᠠᠯᠳᠣᠬᠤ ᠰᠠᠨᠠᠭᠠᠲᠠᠢ︔ ᠦᠪᠡᠷ ᠢᠶᠠᠨ ᠬᠦᠳᠡᠭᠡ ᠪᠠᠨ ᠪᠠᠭ᠎ᠠ ᠰᠢᠭ᠋ ᠬᠦᠢᠳᠠᠨ ᠬᠦᠮᠣᠷᠬᠡ ᠪᠠᠶᠢᠭᠤᠯᠵᠣ᠂ ᠰᠦᠯᠵᠢᠶ᠎ᠠ ᠬᠤᠯᠪᠣᠭᠠᠨ ᠲᠡᠬᠡᠷ᠎ᠡ ᠬᠤᠳᠠᠯᠳᠣᠬᠤ ᠠᠷᠭ᠎ᠠ ᠵᠠᠮ  ᠢᠶᠠᠷ ᠶᠠᠪᠣᠬᠤ ᠰᠠᠨᠠᠭᠠᠲᠠᠢ︔ ᠢᠩᠬᠢᠪᠠᠯ ᠣᠷᠣᠯᠭ᠎ᠠ ᠢᠯᠡᠬᠦᠦ ᠰᠢᠭ ᠨᠡᠮᠡᠭᠳᠡᠨ᠎ᠠ︾ ᠭᠡᠵᠤ ᠴᠠᠩᠬᠡᠯᠪᠡᠶᠡᠷ ᠶᠠᠷᠢᠯ᠎ᠠ᠃︽ᠪᠡᠯᠡᠳᠬᠡᠯ ᠰᠠᠶᠢᠲᠠᠢ ᠪᠣᠯ ᠪᠠᠯᠢᠳᠠᠬᠤ ᠦᠬᠡᠢ︾ ᠬᠡᠳᠡᠭ ᠢᠶᠠᠷ ᠡᠳᠠᠨ ᠤ ᠬᠢ ᠵᠢᠯ ᠪᠦᠷᠢ ᠡᠪᠡᠰᠣ ᠪᠣᠷᠳᠤᠭ᠎ᠠ ᠪᠠᠨ ᠬᠦᠷᠣᠯᠴᠡᠬᠡᠲᠠᠢ ᠣᠷᠣᠭᠤᠯᠵᠣ ᠡᠪᠣᠯ ᠬᠠᠪᠣᠷ ᠢ ᠠᠯᠵᠢᠯ ᠦᠬᠡᠢ ᠲᠣᠭᠤᠯᠣᠨ ᠣᠷᠣᠯᠭ᠎ᠠ ᠵᠠᠷᠣᠯᠭ᠎ᠠ ᠪᠠᠨ ᠵᠣᠬᠢᠴᠠᠭᠤᠯᠣᠨ ᠲᠣᠬᠢᠷᠠᠭᠤᠯᠵᠣ᠂ ᠠᠮᠢᠳᠣᠷᠠᠯ ᠳᠠᠭᠠᠨ ᠨᠠᠷᠢᠨ ᠲᠣᠭᠠᠴᠠᠭ᠎ᠠ ᠬᠢᠵᠣ ᠠᠵᠢᠯᠴᠢ ᠣᠬᠠᠭᠠᠨ ᠢᠶᠠᠷ ᠠᠮᠢᠳᠣᠷᠠᠯ ᠢᠶᠠᠨ ᠴᠣᠬᠴᠠᠯᠠᠭᠰᠠᠨ ᠠᠴᠠ ᠬᠤᠰᠢᠭᠤ ᠨᠣᠳᠤᠭ ᠤᠨ ᠢᠶᠠᠨ ︽ᠪᠠᠶᠠᠵᠢᠯ ᠤᠨ ᠲᠠᠭᠠᠭᠤᠯᠣᠬᠴᠢ︾ ᠬᠡᠰᠠᠨ ᠰᠠᠶᠢᠬᠠᠨ ᠠᠯᠳᠡᠷ ᠢᠶᠠᠷ ᠡᠩᠬᠡᠷ ᠢᠶᠠᠨ ᠮᠢᠯᠢᠶᠠᠯᠭᠠᠵᠤ ᠶᠠᠪᠤᠨ᠎ᠠ᠃ 
 
ᠢᠷᠡᠯᠲᠡ᠄ ᠬᠥᠪᠡᠭᠡᠲᠦ ᠰᠢᠷ᠎ᠠ ᠬᠤᠰᠢᠭᠤᠨ ᠤ ᠰᠤᠨᠢᠨ ᠮᠡᠳᠡᠭᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号