ᠵᠠᠯᠠᠭᠤ ᠮᠠᠯᠴᠢᠨ ᠦᠢᠯᠡᠰ ᠭᠠᠴᠠᠭᠠᠠ ᠤ ᠪᠠᠨ ᠮᠠᠯᠴᠢᠤᠠ ᠲᠤ ᠡᠪᠡᠰᠥ ᠬᠠᠨᠳᠢᠪᠯᠠᠪᠠ
ᠨᠡᠶᠢᠲᠡᠯᠡᠭᠰᠡᠨ ᠴᠠᠭ᠄
2023/5/19
      ︽ᠲᠠᠪᠤᠨ ᠰᠠᠷ᠎ᠠ ᠶᠢᠨ ᠳᠥᠷᠪᠡᠨ︾᠎ ᠤ ᠵᠠᠯᠠᠭᠤᠴᠤᠳ ᠤᠨ ᠪᠠᠶᠠᠷ ᠬᠦᠷᠴᠦ ᠢᠷᠡᠬᠦ ᠲᠠᠰᠢᠷᠠᠮ ᠢᠶᠠᠷ᠂ ᠬᠥᠪᠡᠭᠡᠲᠦ ᠰᠢᠷ᠎ᠠ ᠬᠤᠰᠢᠭᠤᠨ ᠤ ᠵᠠᠯᠠᠭᠤ ᠮᠠᠯᠴᠢᠠ ᠦᠢᠯᠡᠰ ᠪᠠᠶᠠᠨᠲᠠᠯ᠎ᠠ ᠪᠠᠯᠭᠠᠰᠤᠨ ᠤ ᠬᠦᠰᠡᠬᠦᠶ ᠭᠠᠴᠠᠭᠠᠨ ᠤ 33 ᠪᠠᠶᠢᠩᠭᠤ ᠰᠠᠭᠤᠭ᠎ᠠ ᠮᠠᠯᠴᠢᠠ ᠡᠷᠦᠬᠡ ᠳᠤ 8000 ᠲᠥᠭᠦᠷᠢᠭ ᠤᠨ ᠦᠷᠳᠡᠭ ᠪᠦᠭᠦᠢ ᠪᠤᠭᠤᠯᠲᠠ ᠲᠠᠢ ᠡᠪᠡᠰᠦ ᠶᠢ ᠦᠨ᠎ᠠ ᠲᠦᠯᠥᠪᠥᠷᠢ ᠦᠭᠡᠢ ᠬᠦᠷᠭᠡᠵᠦ᠂ ᠮᠠᠯᠴᠢᠳ ᠲᠠᠭᠠᠨ ᠲᠤᠰᠠ ᠲᠠᠮᠵᠢᠯᠭᠡ ᠦᠵᠡᠭᠦᠯᠪᠡ᠃      5 ᠰᠠᠷ᠎ᠠ ᠶᠢᠨ 2᠎ ᠤᠨ ᠥᠷᠯᠥᠭᠡ ᠡᠷᠲᠡ᠂ ᠦᠢᠯᠡᠰ ᠪᠤᠭᠤᠯᠲᠠ ᠲᠠᠢ ᠡᠪᠡᠰᠦ ᠳᠦᠭᠦᠷᠡᠩ ᠠᠴᠢᠠᠠᠰᠠᠠ ᠲᠤᠮᠤ ᠲᠡᠷᠭᠡ ᠎ ᠪᠠᠷ᠂ ᠬᠦᠰᠡᠬᠦᠶ ᠭᠠᠴᠠᠭᠠᠨ ᠤ ᠮᠠᠯᠴᠢᠳ ᠲᠤ ᠡᠪᠡᠰᠦ ᠬᠦᠷᠭᠡᠨ ᠤᠴᠢᠬᠤ ᠳᠤ ᠮᠠᠯᠴᠢᠳ ᠪᠠᠶᠠᠷ ᠲᠠᠯᠠᠷᠬᠠᠯ ᠤᠨ ᠮᠦᠰᠢᠶᠡᠯ ᠢᠶᠠᠷ ᠲᠡᠭᠦᠨ ᠢ ᠤᠭᠲᠤᠵᠤ ᠪᠠᠶᠢᠯ᠎ᠠ᠃ ᠣᠳᠣᠬᠠᠨ ᠳᠤ᠂ ᠬᠠᠪᠤᠷ ᠤᠨ ᠤᠯᠠᠷᠢᠯ ᠤᠨ ᠪᠡᠯᠴᠢᠭᠡᠷ ᠰᠡᠷᠭᠦᠭᠡᠭᠦ ᠬᠤᠭᠤᠴᠠᠭᠠᠨ ᠤ ᠠᠵᠢᠯ ᠰᠢᠪᠲᠤᠷᠭᠠᠨ ᠳᠤ ᠪᠠᠨ ᠤᠷᠤᠵᠥ᠂ ᠮᠠᠯᠴᠢᠳ ᠲᠤ ᠡᠪᠡᠰᠦ ᠪᠣᠷᠳᠤᠭ᠎ᠠ ᠲᠤᠲᠠᠭᠳᠠᠵᠤ ᠪᠠᠶᠢᠭ᠎ᠠ ᠪᠠᠶᠢᠳᠠᠯ ᠳᠤ ᠴᠢᠭᠯᠡᠭᠦᠯᠵᠦ᠂ ᠦᠢᠯᠡᠰ ᠭᠠᠴᠠᠭᠠᠨ ᠤ ᠪᠠᠨ ᠮᠠᠯᠴᠢᠳ ᠲᠤ ︽ᠬᠠᠶᠢᠷ᠎ᠠ ᠬᠠᠯᠠᠮᠵᠢ ᠶᠢᠨ ᠡᠪᠡᠰᠦ︾ ᠬᠦᠷᠭᠡᠵᠦ᠂ ᠮᠠᠯᠴᠢᠨ ᠲᠦᠮᠡᠨ ᠤ ᠪᠠᠨ ᠰᠡᠳᠬᠢᠯ ᠢ ᠳᠤᠯᠠᠭᠠᠴᠠᠭᠤᠯᠵᠤ᠂ ᠲᠡᠳᠡᠨ ᠤ ᠮᠠᠭᠲᠠᠭᠠᠯ ᠰᠠᠶᠢᠰᠢᠶᠠᠯ ᠢ ᠨᠢ  ᠬᠦᠷᠲᠡᠵᠠᠢ᠃       ︽ᠪᠢ ᠡᠩ ᠤᠨ ᠦᠶ᠎ᠡ ᠳᠤ ᠡᠪᠡᠰᠦ ᠪᠣᠷᠳᠣᠭᠠᠨ ᠤ ᠠᠷᠠᠯᠵᠢᠶ᠎ᠠ ᠬᠢᠳᠡᠭ︔ ᠬᠠᠪᠤᠷ ᠤᠨ ᠤᠯᠠᠷᠢᠯ ᠤᠨ ᠮᠠᠯ ᠠᠵᠤ ᠠᠬᠤᠶ ᠶᠢᠨ ᠦᠶᠯᠡᠳᠪᠦᠷᠢᠯᠡᠯ ᠬᠠᠮᠤᠭ ᠤᠨ ᠬᠦᠴᠢᠷᠲᠠᠢ ᠦᠶ᠎ᠡ ᠳᠤ᠂ ᠮᠠᠨ ᠤ ᠭᠠᠴᠠᠭᠠᠨ ᠤ 33 ᠮᠠᠯᠴᠢᠠ ᠡᠷᠦᠬᠡ ᠳᠤ ᠪᠤᠭᠤᠯᠲᠠ ᠪᠦᠷᠢ ᠨᠢ 80 ᠵᠢᠩ ᠤᠨ ᠨᠡᠶᠢᠲᠡ 165 ᠪᠤᠭᠤᠯᠲᠠ ᠡᠪᠡᠰᠦ ᠬᠦᠷᠭᠡᠵᠦ᠂ ᠲᠡᠳᠡᠡ ᠳᠤ ᠬᠠᠪᠰᠥᠷᠥᠯᠭ᠎ᠠ ᠦᠵᠡᠭᠦᠯᠪᠡ︔ ᠮᠠᠯᠵᠢᠬᠤ ᠣᠷᠣᠨ ᠳᠤ ᠪᠠᠨ ᠥᠰᠦᠭᠰᠡᠨ ᠭᠥᠮᠥᠠ ᠪᠣᠯᠤᠭᠰᠠᠨ ᠤ ᠬᠤᠪᠢ ᠳᠤ ᠡᠶᠢᠮᠦᠷᠬᠦᠦ ᠬᠠᠪᠰᠤᠷᠤᠨ ᠲᠡᠳᠬᠦᠬᠦ ᠠᠵᠢᠯ ᠢ ᠢᠯᠡᠭᠦᠬᠡᠨ ᠬᠢᠵᠦ᠂ ᠨᠡᠶᠢᠭᠡᠮ ᠨᠡᠶᠢᠲᠡ ᠳᠤ ᠪᠠᠨ ᠠᠰᠢᠭ ᠲᠤᠰᠠ ᠬᠦᠷᠲᠡᠭᠡᠶ᠎ᠡ ᠭᠡᠵᠦ ᠪᠤᠳᠤᠵᠤ ᠪᠠᠶᠢᠨ᠎ᠠ︾ ᠭᠡᠵᠦ ᠦᠢᠯᠡᠰ ᠶᠠᠷᠢᠯ᠎ᠠ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号