ᠬᠦᠪᠡᠬᠡᠳᠣ ᠰᠢᠷ᠎ᠡ ᠬᠤᠰᠢᠭᠤᠨ ᠤ ᠪᠠᠶᠠᠨᠳᠠᠯ᠎ᠠ ᠪᠠᠯᠭᠠᠰᠣᠨ ᠤ ᠬᠤᠳᠠ ᠶᠢᠨ ᠭᠤᠣᠯ ᠭᠠᠴᠠᠭᠠᠨ ᠤ ᠮᠠᠯᠴᠢᠨ | ᠪᠣᠷᠣᠴᠢᠯᠠᠭᠤ ᠭᠠᠴᠠᠭᠠᠨ ᠳᠠᠭᠠᠨ ︽ᠲᠦᠷᠭᠡᠨ ᠭᠦᠷᠭᠡᠭᠴᠢ︾ ᠶᠢᠨ ᠦᠢᠯᠡᠴᠢᠯᠡᠭᠡ ᠬᠠᠨᠭ᠍ᠭᠠᠵᠦ᠂ ᠮᠠᠯᠵᠢᠯ ᠤᠨ ᠪᠣᠰᠣ ᠣᠷᠣᠯᠭ᠎ᠠ | ᠡᠭᠦᠳᠭᠦ ᠶᠢᠨ ᠬᠠᠮᠳᠣ ᠬᠤᠳᠠ ᠣᠰᠣᠨ ᠤ ᠪᠠᠨ ᠭᠦᠮᠦᠰ ᠲᠤ ᠲᠦᠭᠦᠮ ᠦᠵᠡᠭᠦᠯᠦᠨ᠂ ᠣᠯᠠᠨ ᠤ ᠬᠠᠯᠠᠭᠤᠨ ᠭᠦᠷᠢᠶᠡᠯᠡᠯ ᠢ | ᠣᠯᠵᠠᠢ᠃ | ᠬᠦᠪᠡᠬᠡᠳᠣ ᠰᠢᠷ᠎ᠡ ᠬᠤᠰᠢᠭᠤᠨ ᠤ ᠪᠠᠶᠠᠨᠳᠠᠯ᠎ᠠ ᠪᠠᠯᠭᠠᠰᠣᠨ ᠤ ᠬᠤᠳᠠ ᠶᠢᠨ ᠭᠤᠣᠯ ᠭᠠᠴᠠᠭᠠᠨ ᠤ ᠨᠠᠩᠰᠠᠯᠮ᠎ᠠ | ᠨᠠᠰᠣᠳᠠᠨ ᠡᠪᠣᠬᠡᠨ ᠲᠠᠢ ᠪᠠᠨ ᠬᠤᠶᠠᠭᠤᠯᠠ ᠨᠠᠰᠣᠨ ᠰᠡᠬᠦᠳᠡᠷ ᠦᠨᠳᠣᠷ ᠮᠦᠷᠳᠡᠬᠡᠨ ᠲᠡᠷᠬᠡᠨ ᠤ ᠦᠨᠡᠮᠯᠡᠯ ᠦᠬᠡᠢ ᠠᠴᠠ | ᠨᠠᠰᠢ ᠴᠠᠰᠢ ᠶᠠᠪᠣᠬᠤ ᠳᠤ ᠲᠦᠬᠦᠮ ᠦᠬᠡᠢ ᠪᠠᠶᠢᠳᠠᠭ ᠠᠴᠠ ᠪᠣᠷᠣᠴᠢᠯᠠᠭᠤ ᠳᠤ ᠣᠳᠠᠰᠣᠳᠠᠵᠣ ᠮᠠᠯ ᠤᠨ ᠡᠮ᠂ ᠰᠢᠤᠳᠠᠨ | ᠭᠤᠪᠢᠭᠤᠯᠭ᠎ᠠ ᠵᠡᠷᠬᠡ ᠬᠡᠷᠡᠭᠴᠡᠭᠡ ᠲᠠᠢ ᠵᠦᠢᠯᠡᠰ ᠢᠶᠠᠨ ᠵᠠᠬᠢᠵᠤ ᠠᠪᠴᠢᠷᠠᠭᠤᠯᠳᠠᠭ ᠪᠠᠶᠢᠨ᠎ᠠ᠃ | ᠮᠠᠯᠴᠢᠨ ᠨᠠᠩᠰᠠᠯᠮ᠎ᠠ᠄ ︽ᠪᠤᠷᠤᠴᠢᠯᠠᠭᠤ ᠪᠣᠯ ᠰᠠᠶᠢᠨ ᠵᠠᠯᠠᠭᠤ᠂ ᠪᠢᠳᠡ ᠦᠷᠭᠦᠯᠵᠢ ᠲᠡᠭᠦᠨ ᠳᠤ ᠤᠲᠠᠰᠤᠳᠠᠵᠤ᠂ | ᠴᠢᠰᠣᠨ ᠲᠠᠷᠣᠯᠳᠠ ᠶᠢᠨ ᠡᠮ᠂ ᠡᠳᠣᠷ ᠲᠣᠳᠣᠮ ᠤᠨ ᠬᠡᠷᠡᠭᠰᠡᠯ᠂ ᠲᠦᠷᠭᠡᠨ ᠭᠤᠪᠢᠭᠤᠯᠭ᠎ᠠ ᠵᠡᠷᠭᠡ ᠶᠢ ᠵᠠᠬᠢᠵᠤ | ᠠᠪᠴᠢᠷᠠᠭᠤᠯᠳᠠᠭ︔ ᠲᠡᠷᠡ ᠵᠠᠬᠢᠭᠰᠠᠨ ᠵᠦᠢᠯᠡᠰ ᠢ ᠡᠭᠦᠳᠡᠨ ᠳᠤ ᠬᠦᠷᠭᠡᠵᠦ ᠠᠪᠴᠢᠷᠠᠵᠤ ᠦᠭᠭᠦᠨ᠂ ᠶᠡᠭᠡ ᠳᠦᠭᠦᠮ | ᠦᠵᠡᠭᠦᠯᠵᠦ ᠲᠤᠰᠠ ᠪᠤᠯᠳᠠᠭ ᠲᠤ ᠨᠢ ᠪᠢᠳᠡ ᠲᠤᠩ ᠪᠠᠶᠠᠷᠯᠠᠳᠠᠭ︾ ᠭᠡᠵᠦ ᠪᠠᠶᠢᠯ᠎ᠠ᠃ | ᠬᠤᠳᠠ ᠶᠢᠨ ᠭᠤᠣᠯ ᠭᠠᠴᠠᠭᠠᠨ ᠠᠴᠠ ᠰᠢᠯᠣᠭᠤᠨ ᠬᠦᠪᠡᠬᠡᠳᠣ ᠴᠠᠭᠠᠨ ᠬᠤᠰᠢᠭᠤ ᠬᠦᠷᠳᠡᠯ᠎ᠡ 30 ᠭᠠᠷᠣᠢ ᠺᠢᠯᠣᠮᠧᠲᠷ | ᠤᠨ ᠵᠠᠶᠢᠲᠠᠢ ᠪᠠᠶᠢᠵᠦ᠂ ᠠᠳᠡᠭᠢ ᠮᠠᠯᠴᠢᠳ ᠤᠨ ᠣᠯᠠᠩᠭᠢ ᠨᠢ ᠰᠢᠯᠣᠭᠤᠨ ᠬᠦᠪᠡᠬᠡᠳᠣ ᠴᠠᠭᠠᠨ ᠬᠤᠰᠢᠭᠤᠨ ᠳᠤ ᠬᠦᠷᠴᠦ᠂ | ᠠᠮᠢᠳᠣᠷᠠᠯ ᠤᠨ ᠬᠡᠷᠡᠭᠰᠡᠯ ᠲᠦᠭᠦᠭᠡᠷᠳᠡᠭ ᠪᠠᠶᠢᠳᠠᠯ ᠳᠤ ᠲᠣᠬᠢᠶᠠᠯᠳᠣᠭᠤᠯᠣᠨ᠂ ᠪᠣᠷᠣᠴᠢᠯᠠᠭᠤ ᠮᠠᠯᠵᠢᠯ ᠤᠨ ᠪᠣᠰᠣ ᠣᠷᠣᠯᠭ᠎ᠠ | ᠡᠬᠦᠳᠬᠦ ᠶᠢ ᠵᠣᠷᠢᠵᠣ᠂ ᠮᠠᠯ ᠢᠶᠠᠨ ᠮᠠᠯᠵᠢᠬᠤ ᠶᠢᠨ ᠳᠠᠭᠠᠤ᠂ 2022 ᠣᠨ ᠤ10 ᠰᠡᠷ᠎ᠡ ᠠᠴᠠ ᠡᠬᠢᠯᠡᠨ᠂ ︽ᠲᠦᠷᠭᠡᠨ | ᠭᠦᠷᠭᠡᠭᠴᠢ︾ ᠶᠢᠨ ᠦᠢᠯᠡᠴᠢᠯᠡᠭᠡᠨ ᠤ ᠠᠵᠢᠯ ᠢᠶᠠᠨ ᠡᠬᠢᠯᠡᠭᠦᠯᠵᠠᠢ᠃ ᠲᠡᠷᠡ ᠲᠦᠷᠭᠡᠨ ᠭᠦᠷᠭᠡᠯᠳᠡ ᠶᠢᠨ ᠦᠢᠯᠡᠴᠢᠯᠡᠭᠡᠨ ᠤ | ᠸᠢᠴᠡᠲ ᠬᠤᠯᠪᠣᠭ᠎ᠠ ᠪᠠᠶᠢᠭᠤᠯᠵᠣ᠂ ᠭᠠᠷᠠᠭ ᠪᠣᠯᠭᠠᠨ ᠤ ᠭᠤᠷᠪᠠᠨ ᠳᠤ ᠸᠢᠴᠡᠲ ᠬᠤᠯᠪᠣᠭ᠎ᠠ ᠪᠠᠷ ᠲᠠᠮᠵᠢᠭᠤᠯᠣᠨ ᠭᠠᠴᠠᠭᠠᠨ ᠤ | ᠮᠠᠯᠴᠢᠳ ᠪᠣᠯᠣᠨ ᠵᠠᠮ ᠲᠠᠭᠠᠣ ᠶᠢᠨ ᠮᠠᠯᠴᠢᠳ ᠤᠨ ᠵᠠᠭᠢᠶᠠᠯᠠᠭᠠ ᠶᠢᠨ ᠪᠣᠳᠠᠰ ᠢ ᠨᠢ ᠲᠦᠭᠦᠭᠡᠷᠦᠨ ᠠᠪᠴᠢᠷᠠᠨ ᠦᠭᠴᠣ᠂ | ᠮᠠᠯᠴᠢᠳ ᠲᠠᠭᠠᠨ ᠲᠦᠭᠦᠮ ᠦᠵᠡᠭᠦᠯᠵᠦ ᠪᠤᠢ᠃ | ᠪᠣᠷᠣᠴᠢᠯᠠᠭᠤ᠄ ︽︿ᠲᠦᠷᠭᠡᠨ ᠭᠦᠷᠭᠡᠭᠴᠢ﹀ ᠶᠢᠨ ᠠᠵᠢᠯ ᠨᠢ ᠠᠮᠢᠳᠣᠷᠠᠯ ᠳᠤ ᠵᠤᠬᠢᠬᠤ ᠬᠡᠮᠵᠢᠶᠡᠨ ᠤ ᠲᠣᠰᠠᠯᠠᠮᠵᠢ | ᠪᠤᠯᠵᠤ ᠳᠡᠶᠢᠯᠬᠦ ᠶᠢᠨ ᠳᠠᠭᠠᠤ ᠪᠤᠰᠤᠳ ᠲᠤ ᠰᠠᠶᠢᠬᠠᠨ ᠦᠢᠯᠡᠴᠢᠯᠡᠭᠡ ᠬᠠᠩᠭᠠᠵᠤ᠂ ᠲᠡᠭᠦᠨ ᠠᠴᠠ ᠪᠠᠨ ᠰᠠᠶᠢᠬᠠᠨ ᠡᠨᠧᠷᠬᠢ | ᠬᠦᠷᠲᠡᠳᠡᠭ ᠠᠴᠠ ᠴᠢᠯᠦᠭᠡ ᠵᠠᠪ ᠢᠶᠠᠨ ᠵᠤᠬᠢᠴᠠᠭᠤᠯᠵᠤ ᠪᠠᠶᠢᠵᠤ ᠭᠤᠪᠢᠭᠤᠯᠭ᠎ᠠ ᠬᠦᠷᠭᠡᠬᠦ ᠠᠵᠢᠯ ᠵᠶ᠋ᠠᠨᠦᠷᠬᠦᠯᠵᠢᠯᠠᠨ | ᠴᠢᠷᠮᠠᠶᠢᠨ ᠬᠢᠨ᠎ᠠ︾ ᠭᠡᠵᠦ ᠪᠠᠶᠢᠯ᠎ᠠ᠃ | |