ᠤᠩᠭᠤᠨ ᠠᠭᠤᠯᠠ ᠰᠤᠮᠤᠨ ᠤ ᠡᠷᠡᠭᠦᠯ ᠬᠠᠮᠠᠭᠠᠯᠠᠯ ᠤᠨ ᠬᠤᠷᠢᠶ᠎ᠠ ᠷᠠᠰᠢᠶᠠᠨ ᠵᠠᠰᠠᠯᠭ᠎ᠠ ᠪᠠᠷ ᠤᠯᠠᠨ ᠲᠦᠮᠡᠨ ᠳᠤ ᠡᠮᠴᠢᠯᠡᠭᠡ ᠬᠠᠩᠭᠠᠨ᠎ᠠ
ᠨᠡᠶᠢᠲᠡᠯᠡᠭᠰᠡᠨ ᠴᠠᠭ᠄
2023/7/18
       ᠣᠶᠢᠷ᠎ᠠ ᠶᠢᠨ ᠵᠢᠯ ᠠᠴᠠ ᠨᠠᠰᠢ᠂ ᠤᠩᠭᠤᠨ ᠠᠭᠤᠯᠠ ᠰᠤᠮᠤᠨ ᠤ ᠡᠷᠡᠭᠦᠯ ᠬᠠᠮᠠᠭᠠᠯᠠᠯ ᠤᠨ ᠬᠤᠷᠢᠶ᠎ᠠ ᠨᠢ ᠦᠨᠳᠦᠰᠦᠨ ᠱᠠᠲᠤᠨ ᠤ ᠡᠮᠴᠢᠯᠡᠭᠡᠨ ᠤ ᠪᠥᠲᠥᠭᠡᠨ ᠪᠠᠶᠢᠭᠤᠯᠤᠯᠲᠠ ᠶᠢ ᠴᠢᠩᠭᠠᠳᠬᠠᠵᠤ᠂ ᠣᠯᠠᠨ ᠨᠡᠶᠢᠲᠡ ᠶᠢᠨ ᠦᠨᠳᠦᠰᠦᠨ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠴᠢᠳᠠᠪᠤᠷᠢ ᠶᠢ ᠳᠡᠭᠡᠭᠰᠢᠯᠡᠭᠦᠯᠦᠨ᠂ ᠮᠠᠯᠴᠢᠨ ᠲᠦᠮᠡᠨ ᠳᠤ ᠲᠥᠬᠦᠮ ᠦᠵᠡᠭᠦᠯᠵᠦ ᠪᠠᠶᠢᠨ᠎ᠠ᠃        7 ᠰᠠᠷ᠎ᠠ ᠶᠢᠨ 4 ᠤ ᠦᠳᠡ ᠶᠢᠨ ᠡᠮᠦᠨ᠎ᠡ᠂ ᠤᠩᠭᠤᠨ ᠠᠭᠤᠯᠠ ᠰᠤᠮᠤᠨ ᠤ ᠡᠷᠡᠭᠦᠯ ᠬᠠᠮᠠᠭᠠᠯᠠᠯ ᠤᠨ ᠬᠤᠷᠢᠶᠠᠨ ᠤ ᠮᠣᠩᠭᠤᠯ ᠡᠮᠨᠡᠯᠭᠡ ᠶᠢᠨ ᠵᠠᠰᠠᠯ ᠤᠨ ᠲᠠᠰᠤᠭ ᠲᠤ᠂ 10 ᠭᠠᠷᠤᠢ ᠡᠪᠡᠳᠴᠢᠲᠡᠨ ᠵᠡᠭᠦᠦ ᠲᠥᠭᠡᠨᠡᠯᠭᠡ᠂ ᠡᠯᠡᠰᠦᠨ ᠵᠠᠰᠠᠯᠭ᠎ᠠ᠂ ᠭᠠᠯ ᠲᠦᠭᠡᠨᠡᠯᠭᠡ ᠬᠢᠯᠭᠡᠵᠥ ᠪᠠᠶᠢᠯ᠎ᠠ᠃ ︽ᠤᠩᠭᠤᠨ ᠠᠭᠤᠯᠠ ᠰᠤᠮᠤᠨ ᠤ ᠡᠷᠡᠭᠦᠯ ᠬᠠᠮᠠᠭᠠᠯᠠᠯ ᠤᠨ ᠬᠤᠷᠢᠶ᠎ᠠ ᠨᠢ ᠤᠯᠠᠨ ᠨᠡᠶᠢᠲᠡ ᠶᠢᠨ ᠡᠷᠡᠭᠦᠯ ᠬᠠᠮᠠᠭᠠᠯᠠᠯ ᠤᠨ ᠦᠢᠯᠡᠴᠢᠯᠡᠭᠡ ᠬᠠᠩᠭᠠᠬᠤ ᠪᠠᠷ ᠠᠵᠢᠯ ᠤᠨ ᠭᠤᠤᠯᠳᠠᠯᠭ᠎ᠠ ᠪᠤᠯᠭᠠᠵᠤ᠂ ᠨᠠᠰᠤᠲᠠᠶᠢᠴᠤᠳ ᠤᠨ ᠬᠠᠮᠢᠶᠠᠷᠤᠯᠲᠠ᠂ ᠣᠳᠠᠭᠠᠨ ᠴᠢᠨᠠᠷᠲᠠᠢ ᠡᠪᠡᠳᠴᠢᠨ᠂ ᠡᠬᠡ ᠨᠢᠯᠬᠠᠰ ᠤᠨ ᠡᠷᠡᠭᠦᠯ ᠬᠠᠮᠠᠭᠠᠯᠠᠯ᠂ ᠭᠡᠷ ᠪᠦᠯᠢ ᠶᠢᠨ ᠡᠮᠴᠢ ᠶᠢᠨ ᠭᠡᠷ᠎ᠡ ᠶᠢ ᠵᠢᠯ ᠪᠦᠷᠢ ᠲᠣᠭᠲᠠᠵᠤ᠂ ᠤᠯᠠᠷᠢᠯ ᠪᠦᠷᠢ ᠭᠡᠷ ᠲᠤ ᠨᠢ ᠬᠦᠷᠴᠥ ᠦᠢᠯᠡᠴᠢᠯᠡᠭᠡ ᠬᠠᠩᠭᠠᠳᠠᠭ︔ ᠨᠢᠳᠤᠨᠤᠨ ᠠᠴᠠ ᠡᠬᠢᠯᠡᠵᠥ ᠡᠮᠴᠢᠯᠡᠭᠡ ᠦᠢᠯᠡᠴᠢᠯᠡᠭᠡ ᠪᠠᠨ ᠤᠯᠠᠮ ᠲᠡᠭᠦᠯᠳᠡᠷᠵᠢᠭᠦᠯᠵᠥ᠂ ᠡᠮ ᠤᠨ ᠲᠦᠷᠥᠯ ᠵᠦᠢᠯ ᠢ ᠦᠷᠭᠡᠳᠬᠡᠨ᠂ ᠡᠨᠡ ᠵᠢᠯ ᠤᠨ ᠵᠢᠷᠭᠤᠭᠠᠨ ᠰᠠᠷ᠎ᠠ ᠠᠴᠠ ᠮᠤᠩᠭᠤᠯ ᠡᠮᠨᠡᠯᠭᠡ ᠶᠢᠨ ᠤᠯᠠᠮᠵᠢᠯᠠᠯᠲᠤ ᠵᠠᠰᠠᠯ ᠤᠨ ᠥᠷᠦᠭᠡ ᠶᠢ ᠡᠷᠬᠢᠯᠡᠵᠥ᠂ ᠤᠯᠠᠮᠵᠢᠯᠠᠯᠲᠤ ᠲᠠᠪᠤᠨ ᠵᠠᠰᠠᠯ᠂ ᠷᠠᠰᠢᠶᠠᠨ ᠵᠠᠰᠠᠯ᠂ ᠴᠡᠭᠡᠨ ᠵᠠᠰᠠᠯ᠂ ᠡᠯᠡᠰᠦᠨ ᠵᠠᠰᠠᠯ ᠢ ᠬᠠᠪᠰᠤᠷᠭᠠᠨ ᠬᠢᠵᠥ ᠪᠠᠶᠢᠨ᠎ᠠ︾ ᠭᠡᠵᠦ ᠤᠩᠭᠤᠨ ᠠᠭᠤᠯᠠ ᠰᠤᠮᠤᠨ ᠤ ᠡᠷᠡᠭᠦᠯ ᠬᠠᠮᠠᠭᠠᠯᠠᠯ ᠤᠨ ᠬᠤᠷᠢᠶᠠᠨ ᠤ ᠬᠤᠷᠢᠶᠠᠨ ᠳᠠᠷᠤᠭ᠎ᠠ ᠮᠦᠡᠭᠭᠦᠨᠬᠤᠸᠠᠷ ᠶᠠᠷᠢᠵᠤ ᠪᠠᠶᠢᠯ᠎ᠠ᠃        ᠡᠨᠡ ᠵᠢᠯ ᠠᠴᠠ ᠡᠬᠢᠯᠡᠵᠥ᠂ ᠤᠩᠭᠤᠨ ᠠᠭᠤᠯᠠ ᠰᠤᠮᠤᠨ ᠤ ᠡᠷᠡᠭᠦᠯ ᠬᠠᠮᠠᠭᠠᠯᠠᠯ ᠤᠨ ᠬᠤᠷᠢᠶ᠎ᠠ ᠨᠢ᠂ ᠨᠡᠷᠡᠳᠣ ᠡᠮᠴᠢ ᠭᠡᠷᠡᠯ᠎ᠡ ᠲᠠᠢ ᠬᠤᠷᠰᠢᠵᠤ᠂ ᠷᠠᠰᠢᠶᠠᠨ ᠵᠠᠰᠠᠯᠭ᠎ᠠ ᠬᠢᠵᠥ᠂ ᠮᠠᠯᠴᠢᠨ ᠲᠦᠮᠡᠨ ᠳᠤ ᠪᠠᠨ ᠤᠯᠠᠮᠵᠢᠯᠠᠯᠲᠤ ᠵᠠᠰᠠᠯ ᠪᠠ ᠤᠳᠣᠬᠢ ᠮᠡᠷᠭᠡᠵᠢᠯ ᠢ ᠤᠶᠠᠯᠳᠤᠭᠤᠯᠤᠨ ᠡᠮᠴᠢᠯᠡᠭᠡ ᠬᠠᠩᠭᠠᠵᠤ ᠪᠤᠢ᠃ ︽ᠤᠩᠭᠤᠨ ᠷᠠᠰᠢᠶᠠᠨ ᠪᠣᠯ ᠮᠠᠨ ᠤ ᠨᠤᠲᠤᠭ  ᠲᠤ ᠭᠠᠷᠤᠭᠰᠠᠨ ᠪᠠᠶᠢᠭᠠᠯᠢ ᠶᠢᠨ ᠴᠣᠯᠠ ᠴᠡᠪᠡᠷ ᠷᠠᠰᠢᠶᠠᠨ ᠪᠤᠯᠤᠨ᠎ᠠ︔ ᠤᠰᠤᠨ ᠤ ᠴᠢᠨᠠᠷ ᠨᠢ ᠮᠠᠰᠢ ᠬᠤᠪᠤᠷ᠂ ᠠᠮᠢᠳᠤ ᠪᠣᠳᠠᠰ ᠤᠨ ᠶᠢᠰᠦ ᠶᠢᠨ ᠳᠤᠲᠣᠷ᠎ᠠ ᠪᠠᠭᠲᠠᠵᠤ ᠪᠠᠶᠢᠭ᠎ᠠ ᠬᠦᠴᠢᠯᠲᠦᠷᠦᠭᠴᠢ᠂ ᠠᠽᠤᠲ᠂ ᠤᠰᠤᠲᠦᠷᠦᠭᠴᠢ᠂ ᠨᠡᠭᠦᠰᠲᠦᠷᠦᠭᠴᠢ ᠶᠢᠨ ᠳ᠋ᠠᠩ ᠢᠰᠦᠯ ᠪᠠ ᠡᠰ ᠤᠨ ᠬᠠᠮᠤᠭ ᠤᠨ ᠦᠨᠳᠦᠰᠦᠨ ᠳᠦᠷᠪᠡᠨ ᠵᠦᠢᠯ ᠤᠨ ᠴᠢᠬᠤᠯᠠ ᠡᠯᠧᠮᠧᠨᠲ ᠪᠠᠶᠢᠨ᠎ᠠ︔ ᠤᠤᠯ ᠠᠴᠠ ᠪᠠᠨ ᠬᠦᠢᠲᠡᠨ ᠤᠰᠤᠨ ᠤ ᠵᠠᠰᠠᠯ ᠪᠤᠯ ᠮᠠᠨ ᠤ ᠮᠤᠩᠭᠤᠯ ᠤᠷᠤᠨ ᠳᠤ ᠶᠡᠭᠡ ᠠᠷᠪᠢᠨ ᠬᠡᠷᠡᠭᠯᠡᠭᠳᠡᠳᠡᠭ︔ ᠥᠶ᠎ᠡ ᠬᠡᠰᠢᠭᠦᠨ ᠤ ᠵᠢᠩ ᠴᠢᠭᠢᠭ ᠤᠨ ᠡᠪᠡᠳᠴᠢᠨ ᠢ ᠬᠦᠢᠲᠡᠨ ᠤ ᠬᠤᠣᠷ ᠢ ᠬᠦᠢᠲᠡᠨ ᠢᠶᠠᠷ  ᠨᠢ ᠭᠠᠷᠭᠠᠬᠤ᠂ ᠬᠠᠯᠠᠭᠤᠨ ᠷᠠᠰᠢᠶᠠᠨ ᠲᠠᠢ ᠬᠠᠷᠢᠴᠠᠭᠤᠯᠪᠠᠯ ᠵᠢᠷᠦᠬᠡ ᠪᠤᠯᠤᠨ ᠴᠢᠰᠤᠨ ᠰᠣᠳᠠᠯ ᠤᠨ ᠲᠡᠯᠡᠯᠲᠡ ᠠᠪᠴᠢᠯᠲᠠ ᠶᠢᠨ ᠤᠷᠪᠠᠭᠤ ᠦᠢᠯᠡᠳᠦᠯ ᠢᠶᠠᠷ ᠪᠠᠭ᠎ᠠ ᠪᠠᠶᠢᠳᠠᠭ︔ ᠪᠢ ᠰᠤᠳᠤᠯᠭᠠᠨ ᠤ ᠲᠠᠯ᠎ᠠ ᠪᠠᠷ ᠴᠦ ᠠᠩᠬᠠᠷᠴᠤ ᠪᠠᠶᠢᠭ᠎ᠠ ᠪᠤᠯᠬᠤᠷ ᠤᠩᠭᠤᠨ ᠠᠭᠤᠯᠠ ᠰᠤᠮᠤᠨ ᠤ ᠡᠷᠡᠭᠦᠯ ᠬᠠᠮᠠᠭᠠᠯᠠᠯ ᠤᠨ ᠬᠤᠷᠢᠶ᠎ᠠ ᠲᠠᠢ ᠬᠠᠮᠲᠤᠷᠠᠵᠤ᠂ ᠲᠡᠳᠡ ᠲᠤᠰᠠᠬᠠᠢ ᠡᠮᠴᠢᠯᠡᠭᠡ ᠶᠢ ᠭᠠᠷᠳᠠᠨ ᠬᠢᠵᠦ᠂ ᠤᠯᠠᠮ ᠨᠢᠭᠡ ᠠᠯᠬᠤᠮ ᠰᠤᠳᠣᠯᠬᠤ ᠰᠠᠨᠠᠭ᠎ᠠ ᠲᠠᠢ︾ ᠭᠡᠵᠦ ᠨᠡᠷᠡᠲᠦ ᠡᠮᠴᠢ ᠭᠡᠷᠡᠯ᠎ᠡ ᠶᠠᠷᠢᠯ᠎ᠠ᠃        ᠤᠶᠢᠯᠠᠭᠠᠭᠰᠠᠨ ᠢᠶᠠᠷ᠂ ᠤᠩᠭᠤᠨ ᠠᠭᠤᠯᠠ ᠰᠤᠮᠤᠨ ᠤ ᠳᠠᠪᠤᠰᠤᠨ ᠭᠤᠤᠯ ᠭᠠᠴᠠᠭᠠᠨ ᠤ ᠪᠠᠶᠢᠭᠠᠯᠢ ᠶᠢᠨ ᠷᠠᠰᠢᠶᠠᠨ ᠨᠢ ᠺᠠᠯᠼ᠂ ᠮᠠᠭᠨᠠᠢ᠂ ᠨᠡᠭᠦᠷᠡᠰᠦᠬᠦ᠋ᠴᠢᠯ ᠤᠨ ᠳᠠᠪᠤᠰᠤ ᠵᠡᠷᠭᠡ ᠪᠠᠶᠢᠭᠠᠯᠢ ᠶᠢᠨ ᠡᠷᠦᠳᠡᠰᠦ ᠡᠯᠪᠡᠭ ᠠᠭᠤᠯᠤᠭᠳᠠᠵᠤ ᠪᠠᠶᠢᠬᠤ ᠲᠤᠯᠠ ᠠᠷᠠᠰᠤᠨ ᠡᠪᠡᠳᠴᠢᠨ᠂ ᠢᠯᠳᠦ ᠶᠢᠨ ᠲᠦᠷᠥᠯ ᠵᠢᠴᠢ ᠬᠠᠮᠠᠷ ᠤᠨ ᠦᠷᠪᠢᠰᠦᠯ ᠵᠡᠷᠭᠡ ᠡᠪᠡᠳᠴᠢᠨ ᠳᠤ ᠲᠤᠰᠠᠲᠠᠢ ᠪᠠᠶᠢᠵᠤ᠂ ᠮᠤᠩᠭᠤᠯ ᠡᠮᠨᠡᠯᠭᠡ ᠶᠢᠨ ᠪᠠᠶᠢᠭᠠᠯᠢ ᠶᠢᠨ ᠬᠦᠢᠲᠡᠨ ᠷᠠᠰᠢᠶᠠᠨ ᠵᠠᠰᠠᠯ ᠪᠠ ᠲᠦᠷᠭᠡᠨ ᠤᠷᠤᠰᠬᠠᠯᠲᠤ ᠭᠤᠣᠯ ᠤᠨ ᠬᠦᠢᠲᠡᠨ ᠤᠰᠤᠨ ᠤ ᠵᠠᠰᠠᠯ ᠨᠢ ᠲᠡᠥᠬᠡᠨ ᠠᠴᠠ ᠪᠠᠨ ᠠᠪᠤᠭᠠᠳ ᠨᠡᠷᠡᠲᠡᠢ ᠪᠠᠶᠢᠵᠤ᠂ ᠵᠢᠩ ᠴᠢᠭᠢᠭ ᠤᠨ ᠭᠡᠮ᠂ ᠡᠯ᠎ᠡ ᠲᠦᠷᠥᠯ ᠤᠨ ᠥᠶ᠎ᠡ ᠬᠡᠰᠢᠭᠦᠨ ᠤ ᠡᠪᠡᠳᠴᠢᠨ᠂ ᠡᠯᠢᠭᠡᠨ ᠡᠪᠡᠳᠴᠢᠨ ᠢ ᠵᠠᠰᠠᠳᠠᠭ᠃ ᠪᠣᠭᠳᠠ ᠶᠢᠨ ᠭᠤᠤᠯ ᠰᠤᠮᠤᠨ ᠤ ᠮᠠᠯᠴᠢᠨ ᠳ᠋ᠠᠨᠽᠠᠨᠵᠠᠮᠰᠣ᠄ ︽ᠪᠢ 2016 ᠣᠨ ᠳᠤ ᠡᠪᠡᠳᠴᠢᠯᠡᠵᠦ᠂ ᠭᠦᠵᠦᠭᠦᠨ ᠤ ᠮᠡᠳᠡᠷᠡᠯ ᠳᠠᠷᠤᠭᠳᠠᠭᠰᠠᠨ ᠢᠶᠠᠷ ᠤᠨᠤᠰᠢᠯᠠᠭᠳᠠᠨ᠂ ᠭᠡᠷᠡᠯ᠎ᠡ ᠡᠮᠴᠢ ᠮᠤᠩᠭᠤᠯ ᠡᠮ ᠪᠠ ᠷᠠᠰᠢᠶᠠᠨ ᠢ ᠣᠶᠠᠯᠳᠤᠭᠤᠯᠵᠤ ᠡᠮᠨᠡᠭᠰᠡᠨ ᠠᠴᠠ ᠪᠡᠶᠡᠨ ᠳᠤ ᠲᠣᠬᠢᠷᠠᠵᠤ ᠡᠷᠡᠭᠦᠯᠵᠢᠭᠰᠡᠨ ᠶᠤᠮ︾ ᠭᠡᠵᠦ ᠪᠠᠶᠢᠯ᠎ᠠ᠃        ᠤᠩᠭᠤᠨ ᠠᠭᠤᠯᠠ ᠰᠤᠮᠤᠨ ᠤ ᠡᠷᠡᠭᠦᠯ ᠬᠠᠮᠠᠭᠠᠯᠠᠯ ᠤᠨ ᠬᠤᠷᠢᠶ᠎ᠠ ᠨᠢ ᠡᠷᠡᠭᠦᠯ ᠮᠡᠨᠳᠦ ᠠᠮᠢᠳᠤᠷᠠᠯ ᠢ ᠲᠦᠭᠡᠮᠡᠯᠵᠢᠭᠦᠯᠬᠦ᠂ ᠡᠷᠡᠭᠦᠯ ᠮᠡᠨᠳᠦ ᠶᠢᠨ ᠦᠢᠯᠡᠴᠢᠯᠡᠭᠡ ᠶᠢ ᠰᠢᠯᠢᠳᠡᠭᠵᠢᠭᠦᠯᠬᠦ᠂ ᠡᠷᠡᠭᠦᠯ ᠮᠡᠨᠳᠦ ᠶᠢᠨ ᠪᠠᠲᠤᠯᠠᠭ᠎ᠠ ᠶᠢ ᠲᠡᠭᠦᠯᠳᠡᠷᠵᠢᠭᠦᠯᠬᠦ ᠪᠠᠷ ᠭᠤᠤᠯᠳᠠᠯᠭ᠎ᠠ ᠪᠣᠯᠭᠠᠨ᠂ ᠡᠮᠴᠢᠯᠡᠭᠡ ᠰᠤᠪᠢᠯᠠᠯᠲᠠ ᠶᠢᠨ ᠢᠨᠵᠧᠨᠧᠷᠢᠩ ᠢ ᠦᠷᠭᠦᠯᠵᠢᠯᠡᠨ ᠠᠬᠢᠭᠤᠯᠵᠤ᠂ ᠥᠪᠡᠷᠮᠢᠴᠡ ᠣᠨᠴᠠᠯᠢᠭ ᠲᠠᠢ ᠮᠣᠩᠭᠤᠯ ᠡᠮᠨᠡᠯᠭᠡ ᠶᠢᠨ ᠡᠭᠦᠳᠡᠨ ᠡᠮᠨᠡᠯᠭᠡ᠂ ᠮᠣᠩᠭᠤᠯ ᠡᠮᠨᠡᠯᠭᠡ ᠶᠢᠨ ᠣᠷᠳᠣᠨ ᠢ ᠪᠠᠶᠢᠭᠤᠯᠬᠤ ᠪᠠᠷ ᠳᠠᠮᠵᠢᠭᠤᠯᠤᠨ᠂ ᠮᠠᠯᠴᠢᠨ ᠲᠦᠮᠡᠨ ᠤ ᠡᠳᠦᠷ ᠢᠷᠡᠬᠦᠶ᠎ᠡ ᠨᠡᠮᠡᠭᠳᠡᠵᠦ ᠪᠠᠶᠢᠭ᠎ᠠ ᠡᠮᠴᠢᠯᠡᠭᠡ᠂ ᠤᠷᠢᠳᠴᠢᠯᠠᠨ ᠰᠡᠷᠭᠡᠶᠢᠯᠡᠯᠲᠡ᠂ ᠡᠷᠡᠭᠦᠯᠵᠢᠯ ᠤᠨ ᠬᠡᠷᠡᠭᠴᠡᠭᠡ ᠶᠢ ᠲᠠᠰᠤᠷᠠᠯᠲᠠ ᠥᠬᠡᠶ ᠬᠠᠨᠭ᠍ᠭᠠᠵᠦ ᠪᠣᠢ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠬᠠᠮ ᠵᠠᠭᠤᠴᠢᠯᠠᠭᠤᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号