ᠭᠤᠷᠪᠠᠨ ᠹᠦ᠋ ᠳᠤ ᠭᠤᠷᠪᠠ ᠶᠢ ᠲᠣᠬᠢᠷᠠᠭᠤᠯᠵᠤ ᠭᠤᠷᠪᠠ ᠶᠢ ᠴᠡᠭᠡᠷᠯᠡᠨ᠎ᠡ
ᠨᠡᠶᠢᠲᠡᠯᠡᠭᠰᠡᠨ ᠴᠠᠭ᠄
2023/8/3
     ᠭᠤᠷᠪᠠᠨ ᠹᠦ᠋ ᠪᠣᠯ 24 ᠴᠠᠭ ᠤᠯᠠᠷᠢᠯ ᠤᠨ ᠪᠠᠭ᠎ᠠ ᠬᠠᠯᠠᠭᠤᠨ ᠪᠠ ᠬᠠᠯᠠᠭᠤᠨ ᠡᠭᠡᠬᠦ ᠶᠢᠨ ᠬᠤᠭᠤᠷᠣᠨᠳᠤ ᠪᠠᠶᠢᠵᠤ᠂ ᠶᠡᠷᠦ ᠳᠡᠭᠡᠨ ᠨᠢᠭᠡ ᠵᠢᠯ ᠤᠨ ᠳᠣᠲᠣᠷᠠᠬᠢ ᠠᠭᠠᠷ ᠤᠨ ᠳᠤᠯᠠᠭᠠᠨ ᠬᠠᠮᠤᠭ ᠤᠨ ᠥᠨᠳᠥᠷ ᠮᠥᠷᠲᠡᠭᠡᠨ ᠴᠢᠭᠢᠭᠯᠢᠭ᠂ ᠪᠦᠭᠴᠢᠮ ᠬᠠᠯᠠᠭᠤᠨ ᠴᠠᠭ ᠬᠤᠭᠤᠴᠠᠭ᠎ᠠ ᠪᠣᠯᠣᠨ᠎ᠠ᠃ ᠲᠡᠭᠡᠪᠡᠯ ᠭᠤᠷᠪᠠᠨ ᠹᠦ᠋ ᠶᠢᠨ ᠬᠤᠭᠤᠴᠠᠭᠠᠨ ᠳᠤ ᠪᠡᠶ᠎ᠡ ᠪᠠᠨ ᠬᠡᠷᠬᠢᠨ ᠵᠥᠪ ᠰᠤᠪᠢᠯᠠᠬᠤ ᠪᠤᠶ︖     ᠭᠤᠷᠪᠠᠨ ᠹᠦ᠋ ᠶᠢᠨ ᠬᠤᠭᠤᠴᠠᠭᠠᠨ ᠳᠤ ᠪᠡᠶ᠎ᠡ ᠪᠠᠨ ᠰᠤᠪᠢᠯᠠᠬᠤ ᠳᠤ ᠭᠤᠷᠪᠠᠨ ᠵᠦᠢᠯ ᠤᠨ ᠰᠠᠶᠢᠨ ᠲᠠᠯ᠎ᠠ ᠪᠤᠢ᠄     ᠰᠡᠷᠢᠭᠦᠴᠡᠬᠦ ᠳᠤ ᠲᠣᠬᠢᠲᠠᠢ     ᠭᠤᠷᠪᠠᠨ ᠹᠦ᠋ ᠳᠤ ᠰᠡᠷᠢᠭᠦᠴᠡᠬᠦ ᠳᠡᠭᠡᠨ ᠪᠠᠶᠢᠭᠠᠯᠢ ᠶᠢᠨ ᠰᠠᠯᠬᠢ ᠪᠠᠷ ᠰᠡᠷᠢᠭᠦᠴᠡᠪᠡᠯ ᠬᠠᠮᠤᠭ ᠤᠨ ᠰᠠᠶᠢᠨ᠂ ᠰᠠᠯᠬᠢᠨ ᠰᠡᠩᠰᠡ᠂ ᠠᠭᠠᠷ ᠲᠣᠬᠢᠷᠠᠭᠤᠯᠤᠭᠴᠢ ᠶᠢ ᠬᠡᠷᠡᠭᠯᠡᠬᠦ ᠳᠡᠭᠡᠨ ᠲᠣᠯᠣᠭᠠᠢ ᠪᠠ ᠨᠢᠭᠤᠷ ᠥᠭᠡᠳᠡ ᠪᠠᠨ ᠦᠯᠢᠶᠡᠯᠭᠡᠵᠦ ᠪᠤᠯᠬᠤ ᠦᠭᠡᠢ᠂ ᠠᠭᠠᠷ ᠲᠣᠬᠢᠷᠠᠭᠤᠯᠤᠭᠴᠢ ᠶᠢ ᠬᠡᠷᠡᠭᠯᠡᠬᠦ ᠳᠡᠭᠡᠨ 26 - 28 ᠭᠷᠡᠳᠦ᠋ᠰ ᠪᠠᠶᠢᠪᠠᠯ ᠬᠠᠮᠤᠭ ᠤᠨ ᠲᠣᠬᠢᠷᠠᠮᠵᠢᠲᠠᠢ ᠪᠠᠶᠢᠵᠤ᠂ ᠠᠭᠠᠷ ᠲᠣᠬᠢᠷᠠᠭᠤᠯᠤᠭᠴᠢ ᠪᠠᠷ ᠪᠡᠶ᠎ᠡ ᠪᠠᠨ ᠰᠢᠭᠤᠳ ᠦᠯᠢᠶᠡᠯᠭᠡᠬᠦ ᠦᠭᠡᠢ ᠪᠠᠶᠢᠵᠤ᠂ ᠲᠠᠭᠰᠢᠭᠤᠷ ᠲᠤ ᠨᠡᠷᠪᠡᠭᠳᠡᠬᠦ ᠪᠠ ᠬᠠᠮᠠᠷ ᠪᠥᠭᠯᠡᠷᠡᠬᠦ ᠠᠴᠠ ᠰᠡᠷᠭᠡᠶᠢᠯᠡᠬᠦ ᠶᠢᠨ ᠬᠠᠮᠲᠤ ᠪᠠᠰᠠ ᠰᠥᠨᠢᠵᠢᠨ ᠠᠭᠠᠷ ᠲᠣᠬᠢᠷᠠᠭᠤᠯᠤᠭᠴᠢ ᠨᠡᠭᠡᠭᠡᠬᠦ ᠨᠢ ᠵᠣᠬᠢᠰ ᠦᠭᠡᠢ ᠶᠤᠮ᠃     ᠰᠡᠳᠬᠢᠯ ᠢᠶᠠᠨ ᠲᠠᠶᠢᠪᠤᠰᠢᠷᠠᠭᠤᠯᠬᠤ ᠳᠤ ᠲᠣᠬᠢᠲᠠᠢ     ᠵᠤᠨ ᠤ ᠤᠯᠠᠷᠢᠯ ᠳᠤ ᠠᠭᠠᠭᠢᠮ᠎ᠠ ᠬᠠᠯᠠᠭᠤᠨ ᠪᠣᠯᠬᠤᠷ ᠰᠡᠳᠬᠢᠯ ᠰᠠᠨᠠᠭ᠎ᠠ ᠪᠠᠨ ᠲᠠᠶᠢᠪᠤᠩ ᠪᠠᠶᠢᠯᠭᠠᠪᠠᠯ ᠵᠣᠬᠢᠨ᠎ᠠ᠂ ᠰᠡᠳᠬᠢᠯ ᠰᠠᠨᠠᠭ᠎ᠠ ᠲᠠᠶᠢᠪᠤᠩ ᠪᠣᠯᠪᠠᠯ ᠠᠶᠠᠨᠳᠠᠭᠠᠨ ᠰᠡᠷᠢᠭᠦᠬᠡᠨ ᠲᠠᠭᠠᠲᠠᠢ ᠪᠣᠯᠣᠨ᠎ᠠ᠃ ᠥᠷᠯᠥᠭᠡ ᠪᠣᠰᠪᠠᠯ ᠨᠠᠮ ᠰᠠᠭᠤᠬᠤ ᠪᠠᠷ ᠳᠠᠮᠵᠢᠨ ᠪᠡᠶ᠎ᠡ ᠶᠢᠨ ᠠᠵᠢᠯᠯᠠᠭ᠎ᠠ ᠪᠠᠨ ᠲᠣᠬᠢᠷᠠᠭᠤᠯᠬᠤ ᠨᠢ ᠰᠡᠳᠬᠢᠯ ᠰᠠᠨᠠᠭ᠎ᠠ ᠪᠠᠨ ᠲᠠᠶᠢᠪᠤᠰᠢᠷᠠᠭᠤᠯᠬᠤ᠂ ᠬᠡᠢ ᠴᠢᠰᠤ ᠶᠢ ᠰᠢᠯᠤᠭᠤᠳᠬᠠᠬᠤ᠂ ᠴᠢᠰᠤᠨ ᠭᠦᠶᠦᠳᠡᠯ ᠢ ᠰᠠᠶᠢᠵᠢᠷᠠᠭᠤᠯᠬᠤ ᠦᠢᠯᠡᠳᠦᠯ ᠲᠠᠢ᠃     ᠤᠳᠠᠵᠤ ᠠᠮᠠᠷᠠᠬᠤ ᠳᠤ ᠲᠣᠬᠢᠲᠠᠢ     ᠠᠵᠢᠯᠯᠠᠵᠤ ᠠᠮᠠᠷᠠᠬᠤ ᠳᠠᠭᠠᠨ ᠵᠢᠮ᠎ᠡ ᠭᠤᠷᠢᠮ ᠲᠠᠢ ᠪᠠᠶᠢᠵᠤ᠂ ᠣᠷᠣᠢ ᠳᠠᠭᠠᠨ 23 ᠴᠠᠭ ᠠᠴᠠ ᠡᠮᠦᠨ᠎ᠡ ᠤᠨᠲᠠᠪᠠᠯ ᠰᠠᠶᠢᠨ᠃ ᠤᠨᠲᠠᠬᠤ ᠠᠴᠠ ᠪᠠᠨ ᠡᠮᠦᠨ᠎ᠡ ᠬᠠᠯᠠᠭᠤᠨ ᠤᠰᠤ ᠪᠠᠷ ᠪᠡᠶ᠎ᠡ ᠪᠠᠨ ᠤᠬᠢᠶᠠᠬᠤ᠂ ᠬᠠᠯᠠᠭᠤᠨ ᠤᠰᠤ ᠎ ᠪᠠᠷ ᠬᠥᠯ ᠢᠶᠠᠨ ᠳᠡᠪᠲᠦᠭᠡᠬᠦ ᠨᠢ ᠬᠡᠢ ᠴᠢᠰᠤ ᠶᠢ ᠵᠣᠬᠢᠴᠠᠭᠤᠯᠬᠤ ᠪᠠ ᠪᠥᠭᠡᠷ᠎ᠡ ᠶᠢ ᠰᠢᠮᠡᠵᠢᠭᠦᠯᠬᠦ ᠦᠢᠯᠡᠳᠦᠯ ᠲᠠᠢ᠂ ᠤᠨᠲᠠᠬᠤ ᠳᠠᠭᠠᠨ ᠨᠤᠮᠤᠯᠵᠢᠨ ᠭᠡᠯᠪᠡᠷᠢ ᠪᠠᠷ ᠪᠠᠷᠠᠭᠤᠨ ᠲᠠᠯ᠎ᠠ ᠪᠠᠷ ᠢᠶᠠᠨ ᠬᠠᠵᠠᠭᠤᠯᠠᠵᠤ ᠬᠡᠪᠲᠡᠪᠡᠯ ᠰᠠᠶᠢᠨ᠃ᠭᠤᠷᠪᠠᠨ ᠹᠦ᠋ ᠶᠢᠨ ᠬᠤᠭᠤᠴᠠᠭᠠᠨ ᠳᠤ ᠪᠡᠶ᠎ᠡ ᠪᠠᠨ ᠰᠤᠪᠢᠯᠠᠬᠤ ᠳᠤ ᠭᠤᠷᠪᠠᠨ ᠴᠡᠭᠡᠷ ᠲᠠᠢ᠄     ᠠᠭᠠᠷ ᠲᠣᠬᠢᠷᠠᠭᠤᠯᠤᠭᠴᠢ ᠪᠠᠷ ᠤᠳᠠᠭᠠᠨ ᠦᠯᠢᠶᠡᠯᠭᠡᠬᠦ ᠶᠢ ᠴᠡᠭᠡᠷᠯᠡᠨ᠎ᠡ     ᠠᠭᠠᠷ ᠲᠣᠬᠢᠷᠠᠭᠤᠯᠤᠭᠴᠢ ᠶᠢ ᠤᠷᠲᠤ ᠬᠤᠭᠤᠴᠠᠭ᠎ᠠ ᠪᠠᠷ ᠦᠯᠢᠶᠡᠯᠭᠡᠪᠡᠯ ᠪᠡᠶ᠎ᠡ ᠶᠢᠨ ᠬᠡᠢ ᠴᠢᠰᠤᠨ ᠤ ᠡᠷᠭᠢᠯᠲᠡ ᠶᠢ ᠬᠠᠷᠰᠢᠯᠠᠵᠤ᠂ ᠠᠮᠠᠷᠬᠠᠨ ᠬᠢᠮᠤᠷᠠᠬᠤ᠂ ᠲᠣᠯᠣᠭᠠᠢ ᠡᠪᠡᠳᠬᠦ᠂ ᠬᠠᠮᠠᠷ ᠪᠥᠭᠯᠡᠷᠡᠬᠦ ᠶᠢᠨ ᠬᠠᠮᠲᠤ ᠬᠦᠵᠦᠭᠦᠦ ᠰᠡᠭᠡᠷ ᠪᠤᠶᠤ ᠨᠢᠷᠤᠭᠤ ᠮᠠᠭᠤ ᠬᠥᠮᠥᠰ ᠲᠤ ᠠᠮᠠᠷᠬᠠᠨ ᠬᠦᠵᠦᠭᠦᠦ ᠬᠥᠰᠢᠬᠦ᠂ ᠨᠢᠷᠤᠭᠤ ᠱᠠᠷᠬᠢᠷᠠᠨ ᠡᠪᠡᠳᠬᠦ ᠵᠡᠷᠭᠡ ᠡᠪᠡᠳᠴᠢᠨ ᠢ ᠡᠭᠦᠰᠬᠡᠨ᠎ᠡ᠃     ᠬᠦᠢᠲᠡᠨ ᠤᠮᠳᠠᠭᠠᠨ ᠢ ᠴᠡᠭᠡᠷᠯᠡᠨ᠎ᠡ     ᠬᠦᠢᠲᠡᠨ ᠤᠮᠳᠠᠭᠠᠨ ᠢ ᠬᠡᠲᠦᠷᠡᠲᠡᠯ᠎ᠡ ᠡᠳ᠋ᠯᠡᠪᠡᠯ ᠬᠤᠳᠣᠭᠤᠳᠤ ᠭᠡᠳᠡᠰᠦ ᠵᠢᠩᠭᠢᠨᠡᠵᠦ᠂ ᠭᠡᠳᠡᠰᠦ ᠬᠥᠭᠡᠭᠡᠬᠦ᠂ ᠭᠡᠳᠡᠰᠦ ᠡᠪᠡᠳᠬᠦ᠂ ᠰᠠᠭᠤᠯᠭᠠᠬᠤ ᠵᠡᠷᠭᠡ ᠡᠪᠡᠳᠴᠢᠨ ᠤ ᠢᠯᠡᠷᠡᠯ ᠭᠠᠷᠳᠠᠭ᠃     ᠬᠥᠯᠥᠰᠦ ᠭᠠᠷᠤᠭᠰᠠᠨ ᠤ ᠳᠠᠷᠠᠭ᠎ᠠ ᠵᠢᠩᠭᠢᠨᠡᠬᠦ ᠠᠴᠠ ᠬᠢᠴᠢᠶᠡᠨ᠎ᠡ     ᠶᠡᠭᠡ ᠪᠠᠷ ᠬᠥᠯᠥᠰᠦ ᠭᠠᠷᠤᠭᠰᠠᠨ ᠤ ᠳᠠᠷᠠᠭ᠎ᠠ ᠬᠥᠮᠥᠨ ᠤ ᠪᠡᠶ᠎ᠡ ᠳᠤ ᠤᠰᠤ ᠳᠤᠲᠠᠭᠳᠠᠬᠤ ᠠᠴᠠ ᠪᠣᠯᠵᠤ᠂ ᠣᠯᠠᠩᠬᠢ ᠬᠥᠮᠥᠰ ᠬᠦᠢᠲᠡᠨ ᠤᠰᠤ ᠤᠤᠭᠤᠵᠤ ᠴᠠᠩᠭᠠᠭ᠎ᠠ ᠪᠠᠨ ᠲᠠᠶᠢᠯᠳᠠᠭ᠂ ᠭᠡᠪᠡᠴᠦ ᠡᠨᠡ ᠨᠢ ᠬᠥᠮᠥᠨ ᠤ ᠪᠡᠶ᠎ᠡ ᠳᠤ ᠳᠣᠣᠷ᠎ᠠ ᠨᠡᠪᠴᠢᠯᠲᠡ ᠶᠢᠨ ᠴᠢᠨᠠᠷᠲᠠᠢ ᠤᠰᠤ ᠠᠯᠳᠠᠭᠳᠠᠬᠤ ᠡᠪᠡᠳᠴᠢᠨ ᠤ ᠢᠯᠡᠷᠡᠯ ᠢ ᠠᠮᠠᠷᠬᠠᠨ ᠡᠭᠦᠰᠬᠡᠵᠦ᠂ ︽ᠤᠰᠤᠨ ᠳᠤ ᠬᠤᠣᠷᠳᠠᠭᠳᠠᠬᠤ︾ ᠦᠵᠡᠭᠳᠡᠯ ᠭᠠᠷᠳᠠᠭ᠃ ᠬᠥᠯᠥᠰᠦ ᠶᠡᠭᠡ ᠭᠠᠷᠤᠭᠰᠠᠨ ᠤ ᠳᠠᠷᠠᠭ᠎ᠠ ᠳᠠᠷᠤᠶᠢᠬᠠᠨ ᠬᠦᠢᠲᠡᠨ ᠤᠰᠤ ᠪᠠᠷ ᠪᠡᠶ᠎ᠡ ᠪᠠᠨ ᠤᠬᠢᠶᠠᠬᠤ ᠨᠢ ᠠᠷᠠᠰᠤᠨ ᠤ ᠴᠢᠰᠤᠨ ᠰᠤᠳᠠᠯ ᠠᠪᠴᠢᠵᠤ᠂ ᠠᠷᠠᠰᠤᠨ ᠤ ᠴᠢᠰᠤᠨ ᠤᠷᠤᠰᠬᠠᠯ ᠤᠨ ᠬᠡᠮᠵᠢᠶ᠎ᠡ ᠪᠠᠭᠠᠰᠴᠤ᠂ ᠵᠢᠷᠦᠬᠡᠨ ᠳᠤ ᠪᠤᠴᠠᠬᠤ ᠴᠢᠰᠤᠨ ᠤ ᠬᠡᠮᠵᠢᠶ᠎ᠡ ᠭᠡᠨᠡᠳᠲᠡ ᠨᠡᠮᠡᠭᠳᠡᠨ᠂ ᠵᠢᠷᠦᠬᠡᠨ ᠤ ᠳᠠᠷᠤᠭᠠᠰᠤ ᠶᠢ ᠬᠦᠨᠳᠦᠷᠡᠭᠦᠯᠵᠦ ᠪᠡᠭᠲᠡᠷᠡᠵᠦ ᠪᠤᠬᠢᠨᠢᠳᠤᠳᠠᠭ᠃ 
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号