| — ᠬᠡᠷᠡᠭᠴᠡᠭᠡ ᠦᠭᠡᠢ ᠪᠡᠯᠡᠭ ᠰᠡᠯᠳᠡ ᠶᠢᠨ ᠳᠤᠬᠠᠢ ᠴᠢᠯᠦᠬᠡᠳᠦ ᠶᠠᠷᠢᠯᠴᠠᠭ᠎ᠠ | | ᠬᠦᠳᠡᠭᠡ ᠨᠤᠳᠤᠭ ᠲᠤ ᠮᠠᠨᠢ ᠵᠢᠯ ᠴᠠᠭᠠᠨ ᠰᠠᠷ᠎ᠠ ᠪᠤᠯᠬᠤ ᠪᠤᠶᠤ ᠠᠶᠢᠯ ᠲᠤᠭᠤᠷᠢᠨ ᠬᠡᠶᠢᠴᠢᠯᠡᠬᠦ᠂ ᠬᠤᠷᠢᠮ ᠨᠠᠶᠢᠷ ᠤᠨ | ᠪᠡᠯᠡᠭ ᠰᠡᠯᠳᠡ ᠪᠠᠷ ᠢᠶᠠᠨ ᠬᠠᠶᠢᠷᠴᠠᠭ ᠲᠠᠢ ᠪᠡᠯᠡᠭ ᠶᠡᠭᠡ ᠰᠤᠯᠢᠯᠴᠠᠳᠠᠭ᠃ ᠤᠨᠴᠠᠭᠠᠶᠢᠯᠠᠨ ᠴᠠᠭᠠᠨ ᠰᠠᠷ᠎ᠠ ᠳᠤ ᠨᠠᠭᠠᠰᠢ | ᠴᠠᠭᠠᠰᠢ ᠰᠤᠯᠢᠯᠴᠠᠭᠰᠠᠭᠠᠷ ᠪᠠᠶᠢᠵᠤ᠂ ᠬᠠᠶᠢᠷᠴᠠᠭ ᠲᠠᠢ ᠰᠦ ᠨᠢ ᠬᠤᠭᠤᠴᠠᠭ᠎ᠠ ᠨᠢ ᠦᠡᠭᠭᠡᠷᠡᠬᠦ ᠦᠵᠡᠭᠳᠡᠯ ᠠᠷᠪᠢᠨ ᠭᠠᠷᠳᠠᠭ | ᠪᠦᠬᠡᠳ ᠬᠡᠷᠡᠭᠯᠡᠵᠦ ᠪᠤᠯᠬᠤ ᠦᠬᠡᠢ ᠬᠠᠶᠢᠷᠴᠠᠭ ᠲᠠᠢ ᠵᠦᠢᠯᠡᠰ ᠤᠯᠠᠨ ᠦᠯᠡᠳᠡᠳᠡᠭ᠃ ᠲᠡᠭᠡᠪᠡᠯ ᠡᠬᠦᠨ ᠢ ᠶᠠᠭᠤᠨ ᠤ | ᠲᠦᠯᠦᠬᠡ ᠰᠤᠯᠢᠯᠴᠠᠵᠤ ᠪᠠᠶᠢᠭ᠎ᠠ ᠪᠤᠯ︖ ᠨᠢᠬᠡᠨ ᠳᠡᠭᠡᠨ ᠰᠡᠳᠬᠢᠯ ᠤᠨ ᠪᠡᠯᠡᠭ ᠪᠠᠷᠢᠬᠤ ᠬᠡᠰᠡᠨ ᠪᠤᠯ ᠬᠡᠷᠡᠭᠴᠡᠭᠡ ᠲᠠᠢ | ᠵᠦᠢᠯ ᠢ ᠨᠢ ᠦᠭᠬᠦ ᠨᠢ ᠴᠢᠬᠤᠯᠠ ᠪᠢᠰᠢᠦ︖ ᠬᠤᠷᠰᠢᠶ᠎ᠠ ᠲᠡᠯᠬᠡᠬᠦᠷ ᠤᠨ ᠡᠬᠦᠳᠡᠨ ᠳᠤ ᠤᠪᠤᠭᠠᠯᠠᠰᠤᠳᠠᠢ ᠬᠠᠶᠢᠷᠴᠠᠭ ᠳ᠋ᠠᠢ | ᠵᠢᠮᠢᠰ ᠤᠨ ᠤᠮᠳᠠᠭᠠᠨ᠂ ᠰᠦ᠂ ᠡᠯᠳᠡᠪ ᠢᠳᠡᠭᠡᠨ ᠤᠮᠳᠠᠭᠠᠨ ᠢ ᠬᠤᠳᠠᠯᠳᠤᠵᠤ ᠭᠠᠷᠬᠤ ᠦᠬᠡᠢ ᠠᠴᠠ ᠠᠶᠤᠭᠰᠠᠨ ᠶᠤᠮᠰᠢᠭ | ᠠᠶᠢᠯ ᠪᠤᠯᠭᠠᠨ ᠬᠡᠷ ᠲᠡᠭᠡᠨ ᠠᠪᠠᠴᠢᠵᠦ ᠤᠪᠤᠭᠠᠯᠠᠳᠠᠭ ᠪᠠᠶᠢᠳᠠᠯ ᠦᠷᠬᠦᠯᠵᠢᠯᠡᠭᠡᠳ ᠤᠯᠠᠨ ᠵᠢᠯ ᠪᠤᠯᠵᠠᠢ᠃ ᠡᠬᠦᠨ ᠤ ᠲᠤᠬᠠᠢ | ᠴᠢᠯᠦᠬᠡᠳᠡᠢ ᠶᠠᠷᠢᠯᠴᠠᠬᠤ ᠪᠠᠷ ᠨᠡᠷᠡᠳᠦ ᠵᠤᠬᠢᠶᠠᠯᠴᠢ ᠦ᠊ · ᠰᠡᠷᠬᠦᠯᠡᠩ ᠭᠤᠸᠠᠢ ᠶᠢ ᠰᠤᠷᠪᠤᠯᠵᠢᠯᠠᠯ᠎ᠠ᠃ | ᠰᠤᠷᠪᠤᠯᠵᠢᠯᠠᠭᠴᠢ᠄ ᠵᠢᠯ ᠴᠠᠭᠠᠨ ᠰᠠᠷ᠎ᠠ ᠪᠤᠶᠤ ᠡᠷᠬᠢᠯᠳᠡ ᠠᠶᠢᠯᠴᠢᠯᠠᠯᠳᠠ ᠪᠠᠷ ᠮᠠᠨ ᠤ ᠬᠢᠨ ᠬᠠᠶᠢᠷᠴᠠᠭ ᠲᠠᠢ ᠪᠡᠯᠡᠭ ᠶᠡᠭᠡ | ᠰᠤᠯᠢᠯᠴᠠᠳᠠᠭ᠃ ᠲᠡᠭᠡᠪᠡᠯ ᠡᠳᠡᠬᠡᠷ ᠨᠢ ᠬᠦᠮᠦᠰ ᠲᠤ ᠨᠡᠭᠡᠷᠡᠨ ᠲᠠᠭᠠᠯᠠᠭᠳᠠᠳᠠᠭ ᠤᠤ︖ ᠬᠡᠷᠡᠭᠴᠡᠭᠡᠨ ᠳᠤ ᠤᠷᠤᠳᠠᠭ ᠪᠤᠯ ᠤᠤ | ︖ ᠤᠨᠴᠠᠭᠠᠶᠢᠯᠠᠨ ᠵᠢᠯ ᠴᠠᠭᠠᠨ ᠰᠠᠷ᠎ᠠ ᠪᠠᠷ ᠬᠤᠭᠤᠴᠠᠭ᠎ᠠ ᠨᠢ ᠦᠡᠭᠭᠡᠷᠡᠭᠰᠡᠨ ᠰᠦ ᠪᠤᠶᠤ ᠬᠡᠷᠡᠭᠴᠡᠭᠡᠨ ᠳᠤ ᠤᠷᠤᠬᠤ ᠦᠬᠡᠢ | ᠬᠠᠶᠢᠷᠴᠠᠭ ᠲᠠᠢ ᠵᠦᠢᠯᠡᠰ ᠶᠡᠭᠡ ᠰᠤᠯᠢᠯᠴᠠᠵᠤ ᠪᠠᠶᠢᠨ᠎ᠠ᠃ ᠲᠠ ᠡᠨᠡ ᠲᠤᠬᠠᠢ ᠦᠵᠡᠯ ᠪᠤᠳᠤᠯ ᠢᠶᠠᠨ ᠳᠡᠯᠭᠡᠨ᠎ᠡ ᠤᠤ︖ | ᠦ᠊ · ᠰᠡᠷᠬᠦᠯᠡᠩ᠄ ᠪᠡᠯᠡᠭ ᠬᠦᠷᠬᠡᠬᠦ ᠲᠤᠬᠠᠢ ᠶᠠᠷᠢᠬᠤ ᠪᠠᠷ ᠪᠡᠯᠡᠭ ᠤᠨ ᠦᠨ᠎ᠡ ᠴᠠᠨ᠎ᠠ ᠨᠢ ᠦᠨᠡᠳᠡᠢ ᠬᠢᠮᠳᠠ ᠳᠠᠭᠠᠨ | ᠪᠠᠶᠢᠳᠠᠭ ᠦᠬᠡᠢ ᠬᠠᠷᠢᠨ ᠰᠡᠳᠬᠢᠯᠬᠡ ᠳᠡᠭᠡᠨ ᠪᠠᠶᠢᠳᠠᠭ᠃ ᠶᠠᠮᠠᠷ ᠰᠡᠳᠬᠢᠯᠬᠡ ᠪᠤᠢ ᠬᠡᠪᠡᠯ ᠡᠰᠡᠷᠬᠦ ᠡᠳᠡᠬᠡᠳ ᠢᠶᠠᠨ ᠶᠠᠮᠠᠷ | ᠨᠢᠬᠡᠨ ᠡᠬᠦᠳᠡᠨ ᠠᠴᠠ ᠪᠠᠶᠠᠷᠯᠠᠭᠤᠯᠬᠤ᠂ ᠬᠦᠨᠳᠦᠳᠬᠡᠬᠦ ᠪᠤᠶᠤ ᠰᠡᠳᠬᠢᠯ ᠢᠶᠠᠨ ᠢᠯᠡᠳᠬᠡᠬᠦ ᠰᠡᠳᠬᠢᠯᠬᠡ ᠶᠢ ᠶᠠᠷᠢᠵᠤ ᠪᠠᠶᠢᠨ᠎ᠠ᠃ | ᠢᠡᠭᠬᠢᠵᠦ ᠶᠠᠷᠢᠪᠠᠯ ᠲᠡᠮᠡᠢ ᠬᠡᠷᠡᠭ ᠦᠬᠡᠢ ᠶᠠᠭᠤᠮ᠎ᠠ ᠶᠢ ᠬᠦᠷᠬᠡᠬᠦ ᠪᠤᠶᠤ ᠴᠠᠭ ᠬᠤᠭᠤᠴᠠᠭ᠎ᠠ ᠨᠢ ᠦᠡᠭᠭᠡᠷᠡᠭᠰᠡᠨ ᠵᠦᠢᠯ ᠢ | ᠬᠦᠷᠬᠡᠭᠰᠡᠨ ᠤ ᠠᠴᠢ ᠦᠬᠡᠢ᠃ ᠤᠴᠢᠷ ᠨᠢ ᠡᠨᠡ ᠪᠤᠯ ᠡᠰᠡᠷᠬᠦ ᠡᠳᠡᠬᠡᠳ ᠢᠶᠠᠨ ᠬᠦᠨᠳᠦᠳᠬᠡᠵᠦ ᠪᠠᠶᠢᠭ᠎ᠠ ᠪᠢᠰᠢ᠂ ᠬᠠᠷᠢᠨ | ᠠᠯᠪᠠ ᠬᠠᠰᠢᠵᠤ ᠠᠮᠠ ᠪᠦᠭᠯᠡᠬᠦ ᠲᠡᠳᠦᠢ ᠯᠡ ᠶᠠᠪᠤᠳᠠᠯ ᠪᠤᠯᠵᠤ ᠪᠠᠶᠢᠨ᠎ᠠ᠃ ᠮᠦᠨᠴᠦ ᠡᠰᠡᠷᠬᠦ ᠡᠳᠡᠭᠡᠳ ᠲᠡᠭᠡᠨ ᠬᠠᠶᠠᠪᠠᠴᠦ | ᠬᠡᠴᠡᠬᠦᠦ᠂ ᠬᠡᠷᠡᠭᠯᠡᠪᠡᠴᠦ ᠬᠡᠴᠡᠬᠦᠦ ᠲᠦᠪᠡᠭ ᠢ ᠤᠴᠠᠷᠠᠭᠤᠯᠤᠨ᠎ᠠ᠃ ᠴᠢᠨᠠᠭᠰᠢᠯᠠᠪᠠᠯ ᠪᠦᠷ ᠡᠰᠡᠷᠬᠦ ᠡᠳᠡᠬᠡᠳ ᠤᠨ ᠢᠶᠠᠨ ᠲᠤᠷ᠎ᠠ | ᠦᠬᠡᠶᠢᠴᠡᠯ ᠢ ᠬᠦᠷᠬᠡᠨ᠎ᠡ᠃ ᠡᠶᠢᠮᠦ ᠠᠴᠠ ᠮᠢᠨᠦ ᠬᠤᠪᠢ ᠳᠤ᠂ ᠬᠠᠶᠢᠷᠴᠠᠭ ᠲᠠᠢ ᠪᠡᠯᠡᠭ ᠶᠡᠭᠡ ᠬᠦᠷᠬᠡᠬᠦ ᠶᠢ ᠲᠡᠮᠡᠢ ᠲᠤᠭᠤᠬᠤ | ᠦᠬᠡᠢ᠃ ᠨᠢᠬᠡ ᠳᠤ ᠠᠪᠴᠤ ᠶᠠᠪᠤᠬᠤ ᠳᠤ ᠲᠡᠭᠡᠭᠡᠷ᠎ᠡ ᠲᠠᠷᠤᠭᠠᠰᠤ ᠲᠠᠢ ᠰᠠᠨᠠᠭᠳᠠᠳᠠᠭ᠃ ᠨᠦᠬᠦᠬᠡ ᠲᠠᠯ᠎ᠠ ᠪᠠᠷ ᠤᠯᠠᠨ | ᠬᠦᠮᠦᠨ ᠤ ᠭᠠᠷ ᠲᠠᠮᠵᠢᠬᠤ ᠠᠴᠠ ᠬᠢᠴᠢᠶᠡᠳᠡᠭ᠃ ᠰᠠᠶᠢᠨ ᠮᠠᠭᠤ ᠨᠢ ᠮᠡᠳᠡᠬᠳᠡᠬᠦ ᠦᠬᠡᠢ ᠬᠠᠶᠢᠷᠴᠠᠭ ᠲᠠᠢ ᠶᠠᠭᠤᠮ᠎ᠠ ᠤᠯᠠᠨ | ᠬᠦᠮᠦᠨ ᠤ ᠭᠠᠷ ᠲᠠᠮᠵᠢᠭᠠᠳ ᠪᠠᠶᠢᠪᠠᠯ ᠶᠠᠮᠠᠷ ᠯᠡ ᠤᠯᠢᠭ ᠪᠠᠶᠢᠬᠤᠪ ᠳ᠋ᠠ ᠬᠡᠵᠦ ᠪᠤᠳᠤᠳᠠᠭ᠃ ᠢᠡᠭᠬᠢᠬᠦ ᠪᠠᠷ ︽ᠲᠡᠮᠡᠢ | ᠬᠡᠷᠡᠭᠴᠡᠭᠡ ᠴᠤ ᠦᠬᠡᠢ ᠬᠠᠶᠢᠷᠴᠠᠭ ᠲᠠᠢ ᠶᠠᠭᠤᠮ᠎ᠠ ᠶᠢ ᠨᠠᠭᠠᠰᠢ ᠴᠠᠭᠠᠰᠢ ᠤᠯᠠᠨ ᠪᠤᠤ ᠴᠢᠷᠦᠬᠡᠳ ᠬᠦᠶᠦᠯᠴᠡᠬᠡᠳ ᠪᠠᠢ᠃ | ᠠᠪᠴᠤ ᠶᠠᠪᠤᠬᠤ ᠳᠤ ᠴᠢᠨᠢ ᠴᠤ ᠲᠡᠭᠡᠭᠡᠷ᠎ᠡ᠂ ᠬᠦᠮᠦᠨ ᠳᠤ ᠴᠤ ᠲᠠᠷᠤᠭᠠᠰᠤ ᠪᠤᠯᠤᠨ᠎ᠠ︾ ᠭᠡᠵᠦ ᠲᠦᠷᠦᠯ ᠰᠠᠳᠤᠨ ᠳᠠᠭᠠᠨ | ᠴᠤ ᠬᠡᠰᠡᠨ ᠬᠡᠯᠡᠭᠰᠡᠭᠡᠷ ᠢᠷᠠᠵᠠᠢ᠃ ᠮᠦᠨ ᠢᠡᠭᠬᠢᠵᠦ ᠴᠤ ᠬᠢᠵᠦ ᠪᠠᠶᠢᠭᠰᠠᠨ ᠶᠤᠮ᠃ ᠨᠡᠶᠢᠬᠡᠮ ᠲᠡᠭᠡᠷ᠎ᠡ ᠨᠠᠳᠠ ᠲᠠᠢ | ᠠᠳᠠᠯᠢᠬᠠᠨ ᠪᠤᠳᠤᠯ ᠲᠠᠢ ᠬᠦᠮᠦᠨ ᠴᠤ ᠪᠠᠰᠠ ᠴᠦᠬᠡᠨ ᠦᠬᠡᠢ ᠪᠠᠶᠢᠭᠰᠠᠨ᠂ ︽ᠬᠠᠶᠢᠷᠴᠠᠭ ᠲᠠᠢ ᠶᠠᠭᠤᠮ᠎ᠠ ᠱᠠᠯ ᠲᠡᠭᠡᠭᠡᠷ᠎ᠡ | ᠡ︾ ᠬᠡᠵᠦ ᠶᠠᠷᠢᠵᠤ ᠪᠠᠶᠢᠭᠰᠠᠨ ᠬᠦᠮᠦᠨ ᠴᠤ ᠠᠷᠪᠢᠨ ᠳᠠᠭᠠᠷᠠᠵᠤ ᠪᠠᠶᠢᠭᠰᠠᠨ ᠳ᠋ᠠ᠃ ᠵᠤᠬᠢᠬᠤ ᠨᠢᠬᠡ ᠬᠡᠮᠵᠢᠶᠡᠨ ᠠᠴᠠ | ᠦᠵᠡᠪᠡᠯ᠂ ᠡᠨᠡ ᠬᠠᠶᠢᠷᠴᠠᠭ ᠲᠠᠢ ᠪᠡᠯᠡᠭ ᠬᠡᠳᠡᠭ ᠶᠠᠭᠤᠮ᠎ᠠ ᠳᠤ ᠬᠦᠮᠦᠨ ᠬᠠᠰᠢᠷᠠᠬᠤ ᠬᠡᠮᠵᠢᠶᠡᠨ ᠳᠤ ᠬᠦᠷᠦᠭᠰᠡᠨ ᠪᠠᠶᠢᠨ᠎ᠠ | ᠭᠡᠵᠦ ᠦᠵᠡᠵᠦ ᠪᠠᠶᠢᠨ᠎ᠠ᠃ | ᠰᠤᠷᠪᠤᠯᠵᠢᠯᠠᠭᠴᠢ᠄ ᠰᠠᠳᠤᠨ ᠲᠦᠷᠦᠯ ᠢᠶᠠᠨ ᠡᠷᠬᠢᠨ ᠠᠶᠢᠯᠴᠢᠯᠠᠵᠤ᠂ ᠰᠡᠳᠬᠢᠯ ᠤᠨ ᠪᠡᠯᠡᠭ ᠢᠶᠠᠨ ᠦᠭᠬᠦᠨ᠎ᠡ ᠬᠡᠳᠡᠭ | ᠪᠠᠰᠠ ᠰᠠᠶᠢᠬᠠᠨ ᠶᠠᠪᠤᠳᠠᠯ᠃ ᠲᠡᠭᠡᠪᠡᠯ ᠬᠡᠷᠡᠭᠴᠡᠭᠡ ᠲᠠᠢ ᠵᠦᠢᠯᠡᠰ ᠢᠶᠠᠨ ᠪᠡᠯᠡᠭ ᠪᠤᠯᠭᠠᠬᠤ ᠪᠤᠶᠤ ᠦᠪᠡᠷ ᠤᠨ ᠭᠠᠷ ᠢᠶᠠᠷ | ᠬᠢᠭᠰᠡᠨ ᠬᠤᠷᠤᠳ ᠴᠠᠭᠠᠨ ᠢᠳᠡᠬᠡᠨ ᠪᠤᠶᠤ ᠶᠠᠮᠠᠷ ᠨᠢᠭᠡᠨ ᠵᠦᠢᠯ ᠢ ᠬᠦᠷᠭᠡᠪᠡᠯ ᠢᠯᠡᠬᠦᠦ ᠰᠠᠶᠢᠬᠠᠨ ᠪᠠᠶᠢᠬ᠎ᠠ︖ ᠪᠡᠯᠡᠭ | ᠰᠡᠯᠳᠡ ᠶᠢ ᠴᠢᠩ ᠰᠡᠳᠬᠢᠯ ᠠᠴᠠ ᠪᠠᠨ ᠪᠡᠯᠡᠳᠭᠡᠬᠦ ᠳᠠᠯ᠎ᠠ ᠪᠠᠷ ᠶᠠᠷᠢᠪᠠᠯ︖ | ᠦ᠊ · ᠰᠡᠷᠬᠦᠯᠡᠩ᠄ ᠪᠡᠯᠡᠭ ᠰᠡᠯᠳᠡ ᠬᠦᠷᠬᠡᠬᠦ ᠬᠡᠳᠡᠭ ᠪᠤᠯ ᠦᠨᠡᠨᠳᠡᠭᠡᠨ ᠰᠡᠳᠬᠢᠯ ᠤᠨ ᠰᠤᠯᠢᠯᠴᠠᠭᠠᠨ ᠤ ᠨᠢᠬᠡ ᠵᠦᠢᠯ ᠤᠨ | ᠬᠡᠯᠪᠡᠷᠢ ᠪᠤᠯᠤᠨ᠎ᠠ᠃ ᠡᠬᠦᠨ ᠳᠤ ᠦᠨᠡᠨᠴᠢ ᠰᠡᠳᠬᠢᠯᠬᠡ ᠭᠤᠤᠯᠳᠠᠬᠤ ᠶᠤᠰᠤᠳᠠᠢ᠃ ᠪᠡᠯᠡᠭ ᠲᠤᠰᠤᠭᠰᠠᠨ ᠬᠦᠮᠦᠨ ᠰᠡᠳᠬᠢᠯ ᠢ | ᠴᠢᠨᠢ ᠦᠵᠡᠵᠦ ᠭᠠᠷᠤᠨ᠎ᠠ᠃ ᠬᠡᠬᠦ ᠳᠡᠭᠡᠨ ᠪᠡᠯᠡᠭ ᠦᠭᠬᠦ ᠬᠦᠮᠦᠨ ᠡᠰᠡᠷᠬᠦ ᠡᠳᠡᠬᠡᠳ ᠢᠶᠠᠨ ᠰᠠᠶᠢᠨ ᠤᠶᠢᠯᠠᠭᠠᠵᠤ ᠪᠠᠶᠢᠭᠠᠳ | ᠪᠡᠯᠡᠭ ᠢᠶᠠᠨ ᠰᠠᠶᠢᠬᠠᠨ ᠰᠤᠩᠭᠤᠬᠤ ᠶᠠᠪᠤᠳᠠᠯ ᠱᠠᠭᠠᠷᠳᠠᠭᠳᠠᠨ᠎ᠠ᠃ ᠦᠬᠡᠷ᠎ᠡ ᠪᠠᠷ ᠬᠡᠯᠡᠪᠡᠯ ᠮᠢᠨᠦ ᠪᠡᠯᠡᠭ ᠬᠦᠷᠬᠡᠭᠰᠡᠨ | ᠬᠦᠮᠦᠨ ᠳᠡᠭᠡᠨ ᠴᠤᠬᠤᠮ ᠬᠡᠷᠡᠭᠴᠡᠭᠡ ᠲᠠᠢ ᠤᠤ᠂ ᠬᠡᠷᠡᠭᠴᠡᠭᠡ ᠦᠬᠡᠢ ᠤᠤ ᠬᠡᠳᠡᠭ ᠢ ᠪᠤᠳᠤᠯᠬᠢᠯᠠᠵᠤ ᠦᠵᠡᠬᠦ ᠬᠡᠷᠡᠭᠳᠡᠢ᠃ | ᠢᠡᠭᠬᠢᠬᠦ ᠪᠠᠷ ᠪᠡᠯᠡᠭ ᠬᠦᠷᠬᠡᠬᠦ ᠳᠤ ᠤᠨᠴᠠᠯᠢᠭ ᠶᠡᠭᠡ ᠴᠢᠬᠤᠯᠠ᠃ ᠦᠪᠡᠷᠮᠢᠴᠡ ᠤᠨᠴᠠᠯᠢᠭ ᠲᠠᠢ ᠮᠦᠷᠳᠡᠬᠡᠨ ᠬᠡᠷᠡᠭᠴᠡᠭᠡ ᠲᠠᠢ | ᠪᠡᠯᠡᠭ ᠢ ᠬᠦᠮᠦᠨ ᠪᠠᠶᠠᠷ ᠲᠠᠢ ᠲᠤᠰᠬᠤ ᠨᠢ ᠯᠠᠪᠳᠠᠢ᠃ ᠦᠪᠡᠷ ᠤᠨ ᠭᠠᠷ ᠢᠶᠠᠷ ᠢᠶᠠᠨ ᠬᠢᠭᠰᠡᠨ ᠶᠠᠮᠠᠷ ᠨᠢᠬᠡᠨ ᠪᠡᠯᠡᠭ ᠪᠤᠶᠤ | ᠴᠠᠭᠠᠨ ᠢᠳᠡᠬᠡᠨ ᠢ ᠬᠦᠮᠦᠨ ᠲᠤᠷᠠᠳᠠᠢ ᠠᠪᠬᠤ ᠨᠢ ᠮᠡᠳᠡᠬᠡᠵᠢ᠃ ᠶᠠᠷᠢᠶᠠᠨ ᠦᠬᠡᠢ ᠡᠨᠡ ᠪᠤᠯ ᠶᠡᠷᠦᠩᠭᠡᠢ ᠪᠠᠶᠢᠳᠠᠯ | ᠲᠡᠭᠡᠷ᠎ᠡ ᠪᠠᠨ ᠶᠠᠷᠢᠭᠳᠠᠬᠤ ᠦᠬᠡ᠃ ᠵᠠᠷᠢᠮ ᠬᠦᠮᠦᠨ ᠴᠠᠭᠠᠨ ᠢᠳᠡᠬᠡᠨ ᠢᠳᠡᠬᠦ ᠲᠤᠷ᠎ᠠ ᠦᠬᠡᠢ ᠪᠠᠶᠢᠳᠠᠭ᠃ ᠡᠨᠡ ᠨᠢ | ᠭᠤᠤᠯᠳᠠᠭᠤ ᠴᠠᠭᠠᠨ ᠢᠳᠡᠬᠡᠨ ᠤ ᠰᠠᠶᠤᠤ ᠬᠦᠮᠦᠨ᠂ ᠡᠶᠢᠮᠦ ᠠᠴᠠ ᠪᠡᠯᠡᠭ ᠬᠦᠷᠬᠡᠬᠦ ᠳᠤ ᠡᠰᠡᠷᠬᠦ ᠡᠳᠡᠬᠡᠳ ᠢᠶᠠᠨ ᠤᠶᠢᠯᠠᠭᠠᠵᠤ | ᠪᠠᠶᠢᠭᠠᠳ ᠲᠤᠬᠢᠷᠠᠮᠵᠢᠳᠠᠢ ᠪᠡᠯᠡᠭ ᠢ ᠰᠤᠩᠭᠤᠬᠤ ᠪᠤᠯ ᠮᠦᠨᠴᠦ ᠬᠦᠮᠦᠨ ᠤ ᠶᠠᠪᠤᠯᠴᠠᠭᠠᠨ ᠤ ᠲᠤᠮᠳᠠᠬᠢ ᠨᠢᠬᠡᠨ ᠤᠷ᠎ᠠ ᠲᠡᠮ | ᠭᠡᠵᠦ ᠬᠡᠯᠡᠵᠦ ᠪᠤᠯᠤᠨ᠎ᠠ᠃ | ᠰᠤᠷᠪᠤᠯᠵᠢᠯᠠᠭᠴᠢ᠄ ᠪᠡᠯᠡᠭ ᠰᠡᠯᠳᠡ ᠶᠢᠨ ᠵᠦᠢᠯᠡᠰ ᠬᠡᠳᠦᠷᠡᠵᠦ ᠪᠠᠶᠢᠭ᠎ᠠ ᠪᠠᠶᠢᠳᠠᠯ ᠬᠠᠷᠠᠭᠳᠠᠳᠠᠭ᠃ ᠨᠢᠭᠡ ᠬᠤᠷᠢᠮ | ᠨᠠᠶᠢᠷ ᠠᠴᠠ ᠠᠵᠢᠭᠯᠠᠭᠰᠠᠨ ᠢᠶᠠᠷ ᠰᠠᠳᠤᠨ ᠳᠦᠷᠦᠯ ᠤᠨ ᠬᠢᠨᠢ ᠬᠦᠷᠭᠡᠭᠰᠡᠨ ᠪᠡᠯᠡᠭ ᠨᠢᠭᠡ ᠮᠤᠩᠭᠤᠯ ᠭᠡᠷ ᠲᠤ ᠪᠠᠭᠳᠠᠬᠤ | ᠦᠭᠡᠢ ᠪᠤᠯᠤᠭᠠᠳ ᠭᠠᠳᠠᠨ᠎ᠠ ᠪᠦᠰ ᠳᠡᠪᠢᠰᠦᠭᠡᠳ ᠳᠡᠭᠡᠷ᠎ᠡ ᠨᠢ ᠤᠪᠤᠭᠠᠯᠠᠵᠦ ᠬᠤᠷᠢᠶᠠᠭᠰᠠᠨ ᠨᠢ ᠬᠠᠷᠠᠭᠳᠠᠯ᠎ᠠ᠃ ᠡᠨᠡ ᠨᠢ | ᠠᠷᠠᠢ ᠪᠦᠷᠢᠯᠭᠡᠨ ᠰᠦᠢᠳᠭᠡᠵᠦ ᠪᠠᠶᠢᠭ᠎ᠠ ᠶᠤᠮ ᠰᠢᠭ ᠰᠠᠨᠠᠭᠳᠠᠵᠦ ᠪᠠᠶᠢᠨ᠎ᠠ᠃ ᠡᠨᠡ ᠳᠠᠯ᠎ᠠ ᠪᠠᠷ ᠳᠠᠨ ᠤ ᠦᠵᠡᠯᠳᠡ ᠶᠢ | ᠰᠤᠨᠤᠰᠤᠮᠠᠷ ᠪᠠᠶᠢᠨ᠎ᠠ᠃ | ᠦ᠊ · ᠰᠡᠷᠬᠦᠯᠡᠩ᠄ ᠤᠳᠤᠬᠠᠨ ᠤ ᠬᠦᠮᠦᠰ ᠤᠨ ᠬᠤᠭᠤᠷᠤᠨᠳᠤᠬᠢ ᠪᠡᠯᠡᠭ ᠬᠦᠷᠬᠡᠬᠦ ᠶᠠᠪᠤᠴᠠ ᠲᠤᠮᠳᠠ ᠪᠦᠷᠢᠯᠬᠡᠨ | ᠰᠦᠢᠳᠬᠡᠬᠦ ᠠᠰᠠᠭᠤᠳᠠᠯ ᠪᠤᠯ ᠨᠡᠶᠢᠳᠡᠮ ᠤᠨ ᠴᠢᠨᠠᠷᠳᠠᠢ ᠬᠠᠷᠠᠭᠳᠠᠵᠤ ᠪᠠᠶᠢᠭ᠎ᠠ ᠶᠠᠪᠤᠳᠠᠯ ᠪᠤᠯᠤᠨ᠎ᠠ᠃ ᠮᠢᠨᠦ ᠦᠵᠡᠯᠳᠡ ᠪᠠᠷ | ᠡᠬᠦᠨ ᠤ ᠭᠤᠤᠯ ᠠᠰᠠᠭᠤᠳᠠᠯ ᠨᠢ ᠬᠦᠷᠬᠡᠬᠦ ᠪᠡᠯᠡᠭ ᠨᠢ ᠬᠦᠮᠦᠨ ᠳᠤ ᠬᠡᠷᠡᠭᠴᠡᠭᠡ ᠲᠠᠢ ᠡᠰᠡᠬᠦ ᠶᠢ ᠪᠤᠳᠤᠯᠬᠢᠯᠠᠬᠤ ᠦᠬᠡᠢ ᠪᠠᠷ | ᠡᠷᠦᠢ ᠬᠤᠷᠤᠢ ᠦᠬᠡᠢ ᠬᠦᠷᠬᠡᠵᠦ ᠪᠠᠶᠢᠬᠤ ᠲᠠᠢ ᠬᠤᠯᠪᠤᠭ᠎ᠠ ᠲᠠᠢ᠃ ᠨᠦᠬᠦᠬᠡ ᠲᠠᠯ᠎ᠠ ᠪᠠᠷ ᠨᠢᠬᠡ ᠨᠢᠬᠡᠨ ᠢᠶᠠᠨ | ᠲᠠᠭᠤᠷᠢᠶᠠᠭᠠᠳ ᠪᠦᠷ ᠠᠳᠠᠯᠢᠬᠠᠨ ᠰᠢᠬᠠᠭᠤ ᠪᠡᠯᠡᠭ ᠬᠦᠷᠬᠡᠴᠢᠬᠡᠨᠡ᠃ ᠲᠡᠭᠡᠬᠦ ᠪᠠᠷ ᠨᠢᠬᠡ ᠪᠠᠭ᠋ᠠᠨ ᠠᠳᠠᠯᠢᠬᠠᠨ ᠪᠡᠯᠡᠭ | ᠤᠪᠤᠭᠠᠷᠠᠭᠠᠳ ᠢᠷᠡᠪᠡᠯ ᠬᠢᠬᠦ ᠭᠠᠵᠠᠷ ᠢᠶᠠᠨ ᠴᠤ ᠤᠯᠵᠤ ᠶᠠᠳᠠᠨ᠎ᠠ᠃ ᠡᠬᠦᠨ ᠤ ᠦᠷ᠎ᠡ ᠳ᠋ᠦ᠋ᠩ ᠳᠤ ᠬᠦᠷᠬᠡᠭᠰᠡᠨ ᠬᠦᠮᠦᠨ ᠴᠤ | ᠬᠦᠷᠬᠡᠭᠰᠡᠨ ᠠᠴᠢ ᠳᠠᠭᠠᠨ ᠬᠦᠷᠬᠦ ᠦᠬᠡᠢ᠃ ᠲᠤᠰᠤᠭᠰᠠᠨ ᠬᠦᠮᠦᠨ ᠴᠤ ᠬᠢᠬᠦ ᠭᠠᠵᠠᠷ ᠦᠬᠡᠢ ᠪᠤᠯᠤᠭᠠᠳ ᠪᠡᠯᠡᠭ ᠨᠢ | ᠰᠦᠢᠳᠬᠡᠭᠳᠡᠨᠡ᠃ ᠡᠬᠦᠨ ᠢ ᠪᠠᠨ ᠲᠠᠭᠠᠭᠠᠳ ᠬᠦᠮᠦᠨ ᠤ ᠬᠢᠨᠢ ᠰᠡᠳᠬᠢᠯ ᠴᠤ ᠪᠠᠰᠠ ᠰᠦᠢᠳᠬᠡᠭᠳᠡᠨᠡ᠃ ᠶᠠᠷᠢᠶᠠᠨ ᠦᠬᠡᠢ᠂ | ᠡᠨᠡ ᠪᠤᠯ ᠬᠠᠶᠢᠷᠴᠠᠭ ᠲᠠᠢ ᠪᠡᠯᠡᠭ᠂ ᠠᠷᠢᠬᠢ᠂ ᠪᠤᠤᠪᠤ᠂ ᠲᠤᠷᠭ᠎ᠠ ᠲᠤᠷᠳᠤᠩ ᠬᠡᠬᠦ ᠮᠡᠳᠦ ᠶᠢᠨ ᠵᠠᠷᠢᠮ ᠬᠡᠷᠡᠭᠴᠡᠭᠡ ᠪᠠᠷ ᠠᠨᠠᠢ | ᠪᠤᠳᠠᠰ ᠤᠨ ᠪᠡᠯᠡᠭ ᠲᠡᠭᠡᠷ᠎ᠡ ᠶᠠᠷᠢᠭᠳᠠᠵᠤ ᠪᠠᠶᠢᠨ᠎ᠠ᠃ ᠬᠠᠷᠢᠨ ᠪᠤᠯᠤᠯᠴᠠᠭ᠎ᠠ ᠲᠠᠢ ᠪᠤᠯ ᠵᠤᠭᠤᠰ ᠵᠤᠭ᠎ᠠ ᠦᠭᠴᠢᠬᠡᠪᠡᠯ | ᠰᠦᠢᠳᠬᠡᠬᠦ ᠶᠠᠪᠤᠳᠠᠯ ᠭᠠᠷᠬᠤ ᠦᠬᠡᠢ ᠨᠢ ᠮᠡᠳᠡᠭᠡᠵᠢ᠂ ᠮᠦᠨᠴᠦ ᠬᠦᠮᠦᠨ ᠳᠤ ᠲᠤᠰᠠ ᠪᠤᠯᠬᠤ ᠮᠠᠭᠠᠳ ᠬᠡᠵᠦ ᠬᠤᠪᠢ ᠳᠠᠭᠠᠨ | ᠦᠵᠡᠵᠦ ᠪᠠᠶᠢᠨ᠎ᠠ᠃ | ᠰᠤᠷᠪᠤᠯᠵᠢᠯᠠᠭᠴᠢ᠄ ᠳᠡᠭᠡᠪᠡᠯ ᠪᠡᠯᠡᠭ ᠰᠡᠯᠳᠡ ᠨᠢ ᠵᠠᠪᠠᠯ ᠬᠦᠮᠦᠨ ᠤ ᠨᠢᠳᠦᠨ ᠳᠤ ᠦᠵᠡᠭᠳᠡᠬᠦ ᠠᠯᠪᠠ ᠲᠠᠢ ᠤᠤ︖ ᠳᠤᠮᠤ | ᠂ ᠪᠠᠷ᠎ᠠ ᠲᠠᠢ ᠵᠦᠢᠯᠡᠰ ᠢ ᠬᠦᠷᠭᠡᠬᠦ ᠶᠢ ᠢᠯᠡᠬᠦᠦ ᠳᠤ ᠦᠵᠡᠬᠦ ᠨᠢ ᠤᠯᠠᠨ᠃ ᠬᠠᠷᠢᠨ ᠵᠢᠵᠢᠭ ᠪᠤᠯᠪᠠᠴᠦ ᠬᠦᠮᠦᠨ ᠳᠤ ᠦᠨᠡᠨᠬᠦ | ᠬᠡᠷᠡᠭᠳᠡᠢ᠂ ᠦᠨ᠎ᠡ ᠪᠡᠨ᠎ᠡ ᠲᠠᠢ ᠵᠦᠢᠯᠡᠰ ᠢ ᠪᠡᠯᠡᠭ ᠲᠤ ᠰᠤᠩᠭᠤᠬᠤ ᠨᠢ ᠴᠦᠭᠡᠨ ᠰᠠᠨᠠᠭᠳᠠᠳᠠᠭ᠃ ᠡᠨᠡ ᠰᠤᠩᠭᠤᠯᠳᠠ ᠶᠢᠨ | ᠪᠠᠶᠢᠳᠠᠯ ᠬᠦᠮᠦᠨ ᠤ ᠨᠡᠷᠡᠯᠬᠡᠦ ᠰᠡᠳᠬᠢᠯᠭᠡ᠂ ᠨᠢᠭᠤᠷ ᠲᠠᠭᠠᠨ ᠬᠠᠶᠢᠷᠠᠳᠠᠢ ᠪᠤᠳᠤᠯ ᠲᠠᠢ ᠬᠤᠯᠪᠤᠭ᠎ᠠ ᠲᠠᠢ ᠪᠠᠶᠢᠬ᠎ᠠ︖ | ᠦ᠊ · ᠰᠡᠷᠬᠦᠯᠡᠩ᠄ ᠪᠡᠯᠡᠭ ᠪᠤᠯ ᠬᠦᠮᠦᠨ ᠳᠤ ᠰᠡᠳᠬᠢᠯ ᠢᠶᠠᠨ ᠢᠯᠡᠳᠬᠡᠬᠦ ᠶᠠᠪᠤᠳᠠᠯ᠃ ᠠᠷᠠᠳ ᠤᠨ ᠦᠬᠡᠨ ᠳᠤ ᠴᠤ | ᠶᠠᠭᠤᠮᠠᠨ ᠤ ᠶᠡᠭᠡ ᠪᠠᠭ᠎ᠠ ᠲᠡᠭᠡᠷ᠎ᠠ ᠪᠠᠶᠢᠬᠤ ᠦᠬᠡᠢ᠃ ᠡᠨᠡ ᠪᠤᠯ ᠮᠠᠨ ᠤ ᠡᠪᠦᠭᠡ ᠲᠡᠭᠡᠳᠦᠰ ᠠᠯᠢ ᠡᠷᠳᠡᠨ ᠠᠴᠠ ᠰᠡᠳᠬᠢᠯ ᠤᠨ | ᠪᠡᠯᠡᠭ ᠢ ᠪᠤᠳᠠᠰ ᠤᠨ ᠪᠡᠯᠡᠭ ᠠᠴᠠ ᠢᠯᠡᠬᠦᠦ ᠡᠷᠬᠢᠮᠯᠡᠵᠦ ᠢᠷᠡᠭᠰᠡᠨ ᠰᠠᠶᠢᠨ ᠰᠠᠶᠢᠬᠠᠨ ᠰᠤᠷᠳᠠᠯ ᠪᠤᠯᠬᠤ ᠶᠤᠮ᠃ ᠭᠡᠳᠡᠯ᠎ᠡ | ᠪᠤᠳᠠᠳᠤ ᠠᠮᠢᠳᠤᠷᠠᠯ ᠤᠨ ᠲᠤᠮᠳᠠ ᠡᠶᠢᠮᠦ ᠰᠠᠶᠢᠬᠠᠨ ᠤᠯᠠᠮᠵᠢᠯᠠᠯ ᠠᠯᠳᠠᠭᠳᠠᠵᠤ ᠪᠠᠶᠢᠭ᠎ᠠ ᠦᠵᠡᠭᠳᠡᠯ ᠨᠡᠶᠢᠳᠡᠮ ᠬᠠᠷᠠᠭᠳᠠᠵᠤ | ᠪᠠᠶᠢᠨ᠎ᠠ᠃ ᠪᠡᠯᠡᠭ ᠦᠭᠬᠦ ᠳᠡᠭᠡᠨ ᠬᠦᠮᠦᠨ ᠤ ᠨᠢᠳᠤᠨ ᠳᠤ ᠪᠠᠷ᠎ᠠ ᠲᠠᠢ ᠶᠠᠭᠤᠮ᠎ᠠ ᠦᠭᠬᠦᠨ᠎ᠡ ᠭᠡᠵᠦ ᠭᠡᠷᠡᠭ ᠦᠬᠡᠢ ᠪᠠᠭ᠋ᠠᠨ | ᠶᠠᠭᠤᠮ᠎ᠠ ᠦᠭᠬᠦ ᠦᠵᠡᠭᠳᠡᠯ ᠶᠡᠭᠡ ᠬᠠᠷᠠᠭᠳᠠᠵᠤ ᠪᠠᠶᠢᠨ᠎ᠠ᠃ ᠡᠨᠡ ᠪᠤᠯ ᠬᠦᠮᠦᠨ ᠤ ᠨᠡᠷᠡᠯᠬᠡᠦ ᠰᠡᠳᠬᠢᠯ ᠠᠴᠠ ᠪᠤᠯᠤᠭᠰᠠᠨ | ᠬᠡᠯᠪᠠᠶᠢᠬᠦᠦ ᠬᠢᠳᠡᠯ ᠬᠡᠵᠦ ᠦᠵᠡᠵᠦ ᠪᠠᠶᠢᠨ᠎ᠠ᠃ ᠶᠠᠷᠢᠶᠠᠨ ᠦᠬᠡᠢ ᠬᠦᠮᠦᠨ ᠵᠢᠭᠠᠬᠠᠨ ᠨᠡᠷᠡᠯᠬᠡᠦ ᠪᠠᠶᠢᠬᠤ ᠨᠢ ᠵᠦᠬᠡᠷ᠂ | ᠬᠦᠮᠦᠨ ᠳᠤ ᠨᠡᠷᠡᠯᠬᠡᠦ ᠵᠠᠩ ᠦᠬᠡᠢ ᠪᠤᠯᠴᠢᠬᠠᠪᠠᠯ ᠬᠡᠳᠦᠷᠬᠡᠢ ᠬᠡ ᠦᠬᠡᠢ ᠪᠤᠯᠴᠢᠬᠠᠨ᠎ᠠ᠃ ᠡᠶᠢᠮᠦ ᠠᠴᠠ ᠨᠡᠷᠡᠯᠬᠡᠦ ᠵᠠᠩ ᠨᠢ | ᠬᠦᠮᠦᠨ ᠦᠪᠡᠷ ᠢ ᠪᠠᠨ ᠬᠢᠨᠠᠬᠤ ᠦᠢᠯᠡᠳᠦᠯ ᠭᠠᠷᠭᠠᠵᠤ ᠪᠠᠶᠢᠳᠠᠭ᠃ ᠬᠡᠳᠡᠯ᠎ᠡ ᠬᠡᠳᠦ ᠨᠡᠷᠡᠯᠬᠡᠦ ᠪᠤᠯᠪᠠᠯ ᠬᠡᠪ ᠤᠨ ᠪᠠᠶᠢᠳᠠᠯ | ᠠᠯᠳᠠᠭᠳᠠᠨ᠎ᠠ᠃ ᠪᠡᠯᠡᠭ ᠰᠡᠯᠳᠡ ᠬᠦᠷᠬᠡᠬᠦ ᠪᠠᠷ ᠠᠪᠴᠦ ᠦᠵᠡᠭᠰᠡᠨ ᠴᠤ ᠲᠡᠶᠢᠮᠦ᠃ ᠪᠡᠯᠡᠭ ᠭᠡᠳᠡᠭ ᠰᠡᠳᠬᠢᠯ ᠢᠶᠠᠨ | ᠢᠯᠡᠳᠬᠡᠴᠢᠬᠡᠪᠡᠯ ᠪᠤᠯᠴᠢᠬᠠᠨ᠎ᠠ᠃ ᠨᠡᠷᠡᠯᠬᠡᠭᠰᠡᠨ ᠢᠶᠠᠷ ᠪᠤᠯᠬᠤ ᠦᠬᠡᠢ᠃ ᠬᠡᠳᠦᠷᠬᠡᠢ ᠨᠡᠷᠡᠯᠬᠡᠦ ᠵᠠᠩ ᠬᠦᠮᠦᠨ ᠳᠤ ᠲᠠᠷᠤᠭᠠᠰᠤ | ᠠᠪᠴᠢᠷᠠᠵᠤ ᠮᠡᠳᠡᠨ᠎ᠡ᠃ ᠦᠪᠡᠷ ᠤᠨ ᠪᠡᠶ᠎ᠡ ᠳᠡᠭᠡᠨ ᠴᠤ ᠲᠠᠷᠤᠭᠠᠰᠦ ᠠᠪᠴᠢᠷᠠᠨ᠎ᠠ᠃ ᠲᠡᠶᠢᠮᠦ ᠠᠴᠠ ᠪᠡᠯᠡᠭ ᠬᠦᠷᠬᠡᠬᠦ ᠨᠢ | ᠰᠡᠳᠬᠢᠯ ᠳᠤ ᠪᠠᠶᠢᠬᠤ ᠠᠴᠠ ᠪᠢᠰᠢ᠂ ᠪᠠᠷ᠎ᠠ ᠲᠠᠢ ᠶᠠᠭᠤᠮ᠎ᠠ ᠪᠠᠷ ᠭᠤᠤᠯᠳᠠᠭᠤᠯᠤᠨ᠎ᠠ ᠬᠡᠳᠡᠭ ᠪᠤᠯ ᠲᠡᠮᠡᠢ ᠰᠤᠷᠳᠠᠯᠴᠢᠯᠠᠬᠤ | ᠶᠠᠭᠤᠮ᠎ᠠ ᠪᠢᠰᠢ᠂ ᠬᠠᠷᠢᠨ ᠤᠷᠬᠢᠮᠠᠷ ᠵᠦᠢᠯ ᠬᠡᠵᠦ ᠦᠵᠡᠵᠦ ᠪᠠᠶᠢᠨ᠎ᠠ᠃ | ᠰᠤᠷᠪᠤᠯᠵᠢᠯᠠᠭᠴᠢ᠄ ᠪᠦᠬᠦ ᠵᠦᠢᠯ ᠴᠠᠭ ᠦᠶ᠎ᠡ ᠪᠠᠨ ᠳᠠᠭᠠᠵᠦ ᠰᠢᠨᠡᠴᠢᠯᠡᠵᠦ ᠬᠤᠪᠢᠷᠠᠬᠤ ᠤᠴᠢᠷᠳᠠᠢ ᠭᠡᠵᠦ ᠪᠤᠳᠤᠳᠠᠭ᠃ | ᠪᠡᠯᠡᠭ ᠰᠡᠯᠳᠡ ᠴᠤ ᠠᠳᠠᠯᠢᠬᠠᠨ᠃ ᠴᠠᠭ ᠦᠶ᠎ᠡ ᠪᠠᠨ ᠳᠠᠭᠠᠵᠦ ᠪᠡᠯᠡᠭ ᠰᠡᠯᠳᠡ ᠶᠢᠨ ᠰᠤᠩᠭᠤᠯᠳᠠ ᠦᠭᠡᠷᠡᠴᠢᠯᠡᠯᠳᠡ ᠲᠠᠢ | ᠪᠤᠯᠬᠤ ᠨᠢ ᠵᠦᠪ᠃ ᠤᠯᠠᠮᠵᠢᠯᠠᠯ ᠤᠨ ᠢᠶᠠᠨ ᠰᠠᠶᠢᠨ ᠰᠠᠶᠢᠬᠠᠨ ᠢ ᠨᠢ ᠦᠯᠡᠳᠡᠭᠡᠵᠦ᠂ ᠤᠳᠬ᠎ᠠ ᠦᠭᠡᠢ ᠵᠦᠢᠯᠡᠰ ᠢ ᠨᠢ | ᠤᠷᠬᠢᠬᠤ ᠳᠠᠯ᠎ᠠ ᠪᠠᠷ ᠲᠠ ᠪᠢᠳᠡ ᠶᠠᠮᠠᠷᠬᠠᠨ ᠦᠵᠡᠯ ᠪᠤᠳᠤᠯ ᠲᠠᠢ ᠪᠠᠶᠢᠬᠤ ᠬᠡᠷᠡᠭᠳᠡᠢ ᠪᠤᠢ︖ ᠰᠢᠨᠡᠴᠢᠯᠡᠯᠳᠡ ᠶᠢᠨ | ᠳᠠᠯ᠎ᠠ ᠪᠠᠷ ᠦᠵᠡᠯ ᠪᠤᠳᠤᠯ ᠢᠶᠠᠨ ᠳᠡᠯᠭᠡᠨ᠎ᠡ ᠤᠤ︖ | ᠦ᠊ · ᠰᠡᠷᠬᠦᠯᠡᠩ᠄ ᠪᠡᠯᠡᠭ ᠬᠦᠷᠬᠡᠬᠦ ᠶᠠᠪᠤᠳᠠᠯ ᠪᠤᠯ ᠦᠨᠡᠨᠳᠡᠬᠡᠨ ᠬᠦᠮᠦᠰ ᠤᠨ ᠶᠠᠪᠤᠯᠴᠠᠭᠠᠨ ᠤ ᠲᠤᠮᠳᠠ ᠲᠤᠳᠠᠭᠳᠠᠵᠤ | ᠪᠤᠯᠳᠠᠭ ᠦᠬᠡᠢ ᠨᠢᠬᠡ ᠵᠦᠢᠯ ᠤᠨ ᠦᠵᠡᠭᠳᠡᠯ᠃ ᠬᠦᠮᠦᠨ ᠤ ᠶᠠᠪᠤᠯᠴᠠᠭ᠎ᠠ ᠪᠤᠳᠤᠯᠢᠶᠠᠨᠳᠠᠢ ᠪᠠᠶᠢᠳᠠᠭ ᠰᠢᠭ ᠪᠡᠯᠡᠭ ᠬᠦᠷᠬᠡᠬᠦ | ᠴᠤ ᠪᠠᠰᠠ ᠨᠢᠬᠡᠨ ᠶᠤᠰᠤᠨ ᠤ ᠪᠤᠳᠤᠯᠢᠶᠠᠨᠲᠠᠢ ᠶᠠᠪᠤᠳᠠᠯ ᠬᠡᠵᠦ ᠦᠵᠡᠵᠦ ᠪᠤᠯᠤᠨ᠎ᠠ᠃ ᠬᠡᠪᠡᠴᠦ ᠠᠯᠢ ᠨᠢ ᠲᠠᠭᠠᠷᠠᠬᠤ ᠦᠬᠡᠢ | ᠬᠡᠳᠡᠭ ᠲᠤᠳᠤᠷᠬᠠᠢ ᠵᠢᠭᠠᠯᠳᠠ ᠪᠠᠶᠢᠬᠤ ᠦᠬᠡᠢ᠃ ᠬᠦᠮᠦᠨ ᠬᠦᠮᠦᠨ ᠪᠠᠶᠢᠳᠠᠯ ᠪᠠᠶᠢᠳᠠᠯ ᠢᠶᠠᠨ ᠦᠵᠡᠵᠦ ᠪᠠᠶᠢᠭᠠᠳ ᠪᠤᠯᠬᠤ | ᠶᠠᠪᠤᠳᠠᠯ᠃ ᠬᠡᠬᠦ ᠳᠡᠭᠡᠨ ︽ᠴᠠᠭ ᠴᠠᠭ ᠢᠶᠠᠷ ᠢᠶᠠᠨ ᠪᠠᠶᠢᠳᠠᠭ ᠦᠬᠡᠢ᠂ ᠴᠠᠬᠢᠯᠳᠠᠭ ᠬᠦᠬᠡ ᠪᠠᠷ ᠢᠶᠠᠨ ᠪᠠᠶᠢᠳᠠᠭ ᠦᠬᠡᠢ︾ | ᠰᠢᠭ ᠴᠠᠭ ᠦᠶ᠎ᠡ ᠶᠢᠨ ᠬᠤᠪᠢᠷᠠᠯᠳᠠ ᠶᠢ ᠲᠠᠭᠠᠯᠳᠤᠭᠠᠳ᠂ ᠪᠡᠯᠡᠭ ᠤᠨ ᠲᠤᠬᠠᠢ ᠤᠯᠠᠮᠵᠢᠯᠠᠯᠳᠤ ᠵᠠᠭᠪᠦᠷ ᠤᠯᠠᠮᠵᠢᠯᠠᠯᠳᠤ | ᠦᠵᠡᠯᠳᠡ ᠤᠶᠢᠯᠠᠭᠠᠯᠳᠠ ᠪᠡᠰᠠ ᠬᠤᠪᠢᠷᠠᠵᠤ ᠪᠠᠶᠢᠨ᠎ᠠ᠃ ᠬᠤᠪᠢᠷᠠᠬᠤ ᠪᠤᠯ ᠵᠠᠶᠢᠯᠠᠰᠢ ᠦᠬᠡᠢ᠃ ᠪᠢᠳᠡ ᠤᠯᠠᠮᠵᠢᠯᠠᠯᠳᠤ | ᠰᠠᠶᠢᠨ ᠰᠠᠶᠢᠬᠠᠨ ᠲᠠᠯ᠎ᠠ ᠪᠠᠨ ᠠᠪᠴᠤ ᠦᠯᠡᠳᠡᠬᠦ ᠶᠢᠨ ᠲᠠᠭᠠᠤ ᠳᠤ ᠵᠠᠷᠢᠮ ᠬᠦᠰᠢᠬᠦᠨ ᠤᠯᠠᠮᠵᠢᠯᠠᠯ ᠢ ᠴᠤ ᠬᠤᠪᠢᠷᠠᠭᠤᠯᠬᠤ | ᠴᠢᠬᠤᠯᠠᠳᠠᠢ ᠶᠤᠮ᠃ ᠴᠠᠭ ᠦᠶ᠎ᠡ ᠶᠢᠨ ᠬᠤᠪᠢᠷᠠᠯᠳᠠ ᠲᠠᠢ ᠵᠤᠬᠢᠴᠠᠬᠤ ᠦᠬᠡᠢ ᠤᠯᠠᠮᠵᠢᠯᠠᠯ ᠢ ᠦᠬᠦᠮᠡᠯ ᠢᠶᠠᠷ ᠪᠠᠷᠢᠮᠳᠠᠯᠠᠭᠠᠳ | ᠪᠠᠶᠢᠵᠦ ᠪᠤᠯᠬᠤ ᠦᠬᠡᠢ᠃ ᠪᠡᠯᠡᠭ ᠲᠡᠭᠰᠢ ᠰᠡᠳᠬᠢᠯ ᠦᠨᠠᠨ ᠪᠠᠶᠢᠳᠤᠭᠠᠢ᠃ | | | | |