ᠬᠥᠪᠡᠭᠡᠲᠦ ᠰᠢᠷ᠎ᠠ ᠬᠤᠰᠢᠭᠤ ᠱᠠᠭ᠎ᠠ ᠨᠠᠭᠠᠳᠣᠮ ᠤᠨ ᠣᠷᠣᠯᠳᠣᠭᠠᠨ ᠶᠠᠪᠣᠬᠳᠠᠭᠤᠯᠣᠬᠰᠠᠨ
ᠨᠡᠶᠢᠲᠡᠯᠡᠭᠰᠡᠨ ᠴᠠᠭ᠄
2024/12/30
       12 ᠰᠡᠷ᠎ᠡ ᠶᠢᠨ11 ᠤ ᠡᠳᠣᠷ᠂ ᠬᠥᠪᠡᠭᠡᠲᠦ ᠰᠢᠷ᠎ᠠ ᠬᠤᠰᠢᠭᠤᠨ ᠤ ᠰᠢᠨᠡᠪᠤᠯᠠᠭ ᠪᠠᠯᠭᠠᠰᠣ ᠨᠢ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠵᠢᠴᠢ ︽ᠨᠠᠮ ᠤᠨ ᠠᠴᠢ ᠶᠢ ᠮᠡᠳᠡᠷᠡᠵᠦ ᠨᠠᠮ ᠤᠨ ᠦᠭᠡ ᠶᠢ ᠰᠣᠨᠣᠰᠴᠤ ᠨᠠᠮ ᠢᠶᠠᠨ ᠳᠠᠭᠠᠬᠤ︾ ᠣᠯᠠᠨ ᠲᠦᠮᠡᠨ ᠤ ᠬᠥᠮᠦᠵᠢᠯ ᠦᠢᠯᠡᠳᠦᠯᠭᠡ ᠶᠢᠨ ᠭᠤᠤᠯ ᠰᠡᠳᠦᠪᠲᠦ ᠰᠢᠷᠢᠰ ᠠᠵᠢᠯᠯᠠᠭ᠎ᠠ —— ᠰᠢᠨᠡᠪᠤᠯᠠᠭ ᠪᠠᠯᠭᠠᠰᠣᠨ ᠤ ᠬᠠᠰᠢᠶᠠᠳᠣ ᠨᠡᠶᠢᠬᠡᠮ ᠲᠣᠭᠤᠷᠢᠭ ᠱᠠᠭ᠎ᠠ ᠨᠠᠭᠠᠳᠣᠮ ᠤᠨ ᠣᠷᠣᠯᠳᠣᠭᠠᠨ ᠶᠠᠪᠣᠬᠳᠠᠭᠤᠯᠪᠠ᠃      ᠠᠵᠢᠯᠯᠠᠭᠠᠨ ᠤ ᠠᠬᠤᠶ ᠲᠠᠯᠠᠪᠠᠢ ᠶᠢᠨ ᠠᠭᠤᠷ ᠠᠮᠢᠰᠬᠤᠯ ᠬᠥᠷ ᠬᠥᠭᠵᠢᠶᠡᠨ ᠲᠠᠢ᠂ ᠪᠠᠶᠠᠷ ᠬᠥᠷ ᠲᠠᠢ ᠪᠠᠶᠢᠵᠣ ᠂ ᠣᠯᠠᠨ ᠢᠶᠠᠷ ᠢᠶᠠᠨ ᠦᠨᠳᠦᠰᠦᠲᠡᠨ ᠤ ᠬᠤᠪᠴᠠᠰᠤ ᠵᠠᠰᠠᠯ ᠢᠶᠠᠷ ᠢᠶᠠᠨ ᠭᠤᠶᠣᠵᠣ᠂ ᠱᠠᠭ᠎ᠠ ᠨᠠᠭᠠᠳᠣᠮ ᠤᠨ  ᠣᠷᠣᠯᠳᠣᠭᠠᠨ ᠳᠤ ᠪᠠᠨ ᠢᠳᠡᠬᠡᠯ ᠲᠡᠬᠦᠯᠳᠡᠷ ᠣᠷᠣᠯᠴᠠᠬᠰᠠᠨ ᠪᠠᠶᠢᠨ᠎ᠠ᠃ ᠣᠷᠣᠯᠳᠣᠭᠠᠨ ᠤ ᠬᠢᠨᠠᠭᠴᠢᠳ  ᠠᠴᠠ ᠤᠷᠤᠯᠳᠤᠭᠠᠨ ᠤ ᠡᠷᠬᠡ ᠲᠡᠭᠰᠢ ᠲᠥᠪ ᠭᠤᠤᠯᠴᠢ ᠪᠠᠶᠢᠬᠤ ᠶᠢ ᠦᠨᠡᠨ ᠬᠦ ᠪᠠᠳᠣᠯᠠᠵᠣ᠂ ᠬᠤᠪᠢ ᠲᠡᠮᠳᠡᠭᠯᠡᠭᠴᠢ    ᠠᠴᠠ ᠨᠠᠷᠢᠨ ᠨᠢᠮᠪᠠᠢ ᠬᠤᠪᠢ ᠲᠡᠮᠳᠡᠭᠯᠡᠵᠣ᠂ ᠲᠤᠬᠠᠶ ᠶᠢᠨ ᠲᠠᠯᠠᠪᠠᠢ ᠶᠢᠨ ᠠᠭᠤᠷ ᠠᠮᠢᠰᠬᠤᠯ ᠪᠠᠴᠢᠮ ᠶᠠᠭᠠᠷᠠᠯᠲᠠᠶ ᠪᠠᠶᠢᠪᠠ᠃      ᠰᠣᠷᠪᠣᠯᠵᠢᠯᠠᠭ᠎ᠠ᠄ ᠬᠦᠪᠡᠬᠡᠳᠣ ᠰᠢᠷ᠎ᠡ ᠬᠤᠰᠢᠭᠤᠨ ᠤ ᠰᠢᠨᠡᠪᠣᠯᠠᠭ ᠪᠠᠯᠭᠠᠰᠣᠨ ᠤ ᠬᠠᠰᠢᠶᠠᠳᠣ ᠨᠡᠶᠢᠬᠡᠮ ᠲᠣᠭᠤᠷᠢᠭ ᠤᠨ ᠨᠠᠮ ᠤᠨ ᠡᠬᠦᠷ ᠤᠨ ᠱᠦᠵᠢ᠂ ᠨᠡᠶᠢᠬᠡᠮ ᠲᠣᠭᠤᠷᠢᠭ ᠤᠨ ᠡᠷᠬᠢᠯᠡᠭᠴᠢ   ᠨᠠᠪᠴᠢ ︵ᠲᠣᠮᠳᠠᠳᠣ ᠶᠢᠨ ᠦᠨᠳᠣᠰᠣᠳᠠᠨ ᠤ ᠬᠠᠮᠳᠣ ᠶᠢᠨ ᠴᠣᠬᠴᠠ ᠶᠢᠨ ᠣᠬᠠᠮᠰᠡᠷ ᠢ ᠣᠯᠠᠮ ᠨᠢᠬᠡ ᠠᠯᠬᠤᠮ ᠪᠠᠳᠣᠳᠬᠠᠨ᠂ ᠣᠮᠡᠷᠠᠳᠣ ᠬᠢᠯᠢ  ᠶᠢᠨ ᠰᠣᠶᠣᠯ ᠢ ᠪᠠᠳᠠᠷᠠᠭᠤᠯᠵᠣ᠂ ᠲᠣᠮᠳᠠᠳᠣ ᠶᠢᠨ ᠰᠣᠶᠣᠯ ᠢ ᠣᠯᠠᠮᠵᠢᠯᠠᠬᠤ ᠡᠬᠦᠳᠠᠨ ᠠᠴᠠ ᠮᠠᠨ ᠤ ᠰᠢᠨᠠᠪᠣᠯᠠᠭ ᠪᠠᠯᠭᠠᠰᠣᠨ ᠤ ᠬᠠᠰᠢᠶᠠᠳᠣ ᠨᠡᠶᠢᠬᠡᠮ ᠲᠣᠭᠤᠷᠢᠭ ᠨᠢ ᠦᠨᠣᠳᠣᠷ ᠪᠦᠬᠦ ᠬᠤᠰᠢᠭᠤᠨ ᠤ ᠬᠡᠪᠴᠢᠶ᠎ᠠ ᠲᠠᠢ ᠱᠠᠭ᠎ᠠ ᠨᠠᠭᠠᠳᠣᠮ ᠤᠨ ᠣᠷᠣᠯᠳᠣᠭᠠᠨ ᠢ ᠡᠷᠬᠢᠯᠡᠭᠰᠠᠨ ᠪᠠᠶᠢᠨ᠎ᠠ᠃ ᠮᠠᠨ ᠤ ᠣᠷᠣᠯᠳᠣᠭᠠᠨ ᠳᠤ ᠪᠦᠬᠦ ᠬᠤᠰᠢᠭᠤᠨ ᠤ ᠵᠠᠭᠤ ᠲᠠᠯᠠᠭᠠᠳ ᠰᠠᠭᠤᠭᠠᠯᠢ ᠠᠷᠠᠳ ᠢᠳᠡᠪᠬᠢᠯᠡᠨ ᠣᠷᠣᠯᠴᠠᠬᠰᠠᠨ ᠪᠠᠶᠢᠨ᠎ᠠ᠃        ᠣᠷᠣᠯᠳᠣᠭᠠᠨ ᠨᠢ ︽  ᠲᠦᠷᠪᠡᠨ ᠪᠡᠷᠬᠡ ᠣᠷᠬᠢᠬᠤ︾᠂ ︽ᠬᠡᠶᠢᠮᠣᠷᠢ ᠶᠢᠨ 13 ᠮᠣᠷᠢ ᠣᠷᠬᠢᠬᠤ︾ ︽ᠠᠷᠣ ᠣᠨᠳᠣᠣ︾ ᠵᠡᠷᠭᠡ ᠭᠤᠷᠪᠠᠨ ᠵᠦᠢᠯ ᠤᠨ ᠤᠯᠠᠮᠵᠢᠯᠠᠯᠲᠤ ᠱᠠᠭ᠎ᠠ ᠲᠣᠭᠯᠠᠭᠠᠮ ᠢ ᠶᠠᠪᠣᠬᠳᠠᠭᠤᠯᠵᠣ᠂ ᠬᠤᠷᠴᠠ ᠰᠢᠷᠦᠭᠦᠨ ᠥᠷᠢᠰᠥᠯᠳᠦᠭᠡᠨ ᠢᠶᠠᠷ ᠳᠠᠮᠵᠢᠨ᠂ ᠨᠢᠭᠡᠳᠦᠭᠡᠷ᠂ ᠬᠤᠶᠠᠳᠤᠭᠠᠷ᠂ ᠭᠤᠷᠪᠠᠳᠤᠭᠠᠷ ᠳᠡᠰ ᠤᠨ ᠱᠠᠩᠨᠠᠯ ᠳᠤ 6 ᠬᠥᠮᠦᠨ᠂ ᠰᠢᠯᠢᠳᠡᠭ ᠱᠠᠩᠨᠠᠯ 5 ᠬᠥᠮᠦᠨ ᠢ  ᠰᠢᠯᠭᠠᠷᠠᠭᠤᠯᠵᠣ᠂ ᠱᠠᠩᠨᠠᠯ ᠤᠨ ᠪᠣᠳᠠᠰ ᠭᠠᠷᠳᠠᠭᠤᠯᠣᠬᠰᠠᠨ ᠪᠠᠶᠢᠨ᠎ᠠ᠃      ᠰᠣᠷᠪᠣᠯᠵᠢᠯᠠᠭ᠎ᠠ᠄ ᠬᠦᠪᠡᠬᠡᠳᠣ ᠰᠢᠷ᠎ᠡ ᠬᠤᠰᠢᠭᠤᠨ ᠤ ᠰᠢᠨᠡᠪᠣᠯᠠᠭ ᠪᠠᠯᠭᠠᠰᠣᠨ ᠤ ᠬᠠᠰᠢᠶᠠᠳᠣ ᠨᠡᠶᠢᠬᠡᠮ ᠲᠣᠭᠤᠷᠢᠭ ᠤᠨ ᠨᠠᠮ ᠤᠨ ᠡᠬᠦᠷ ᠤᠨ ᠱᠦᠵᠢ᠂ ᠨᠡᠶᠢᠬᠡᠮ ᠲᠣᠭᠤᠷᠢᠭ ᠤᠨ ᠡᠷᠬᠢᠯᠡᠭᠴᠢ   ᠨᠠᠪᠴᠢ  ︵ᠮᠠᠨ ᠤ ᠨᠡᠶᠢᠬᠡᠮ ᠲᠣᠭᠤᠷᠢᠭ ᠨᠢ ᠦᠨᠳᠣᠰᠣᠳᠠᠨ ᠤ ᠪᠦᠯᠬᠦᠮᠳᠠᠯ ᠲᠠᠪᠰᠢᠯᠳᠠ ᠶᠢᠨ ᠨᠡᠷᠡᠳᠣ ᠲᠡᠮᠳᠡᠭ ᠢᠶᠠᠷ ᠠᠵᠢᠯᠯᠠᠭ᠎ᠠ ᠪᠠᠨ ᠶᠠᠪᠣᠬᠳᠠᠭᠤᠯᠵᠣ ᠪᠣᠢ᠂  ᠬᠤᠵᠢᠮ ᠬᠤᠶᠢᠰᠢᠳᠠ ᠦᠷᠬᠦᠯᠵᠢᠯᠡᠨ ᠡᠶᠢᠮᠣ ᠰᠠᠶᠢᠬᠠᠨ ᠰᠠᠭᠤᠭᠠᠯᠢ ᠠᠷᠠᠳ ᠤᠨ ᠬᠡᠪᠴᠢᠶᠠᠨ ᠳᠤ ᠰᠣᠶᠣᠯ᠂ ᠪᠠᠶ᠎ᠠ ᠲᠠᠮᠢᠷ ᠤᠨ ᠲᠠᠯ᠎ᠠ ᠪᠠᠷ ᠣᠯᠠᠨ ᠠᠷᠪᠢᠨ ᠲᠣᠬᠯᠠᠭᠠᠮ᠂ ᠨᠠᠭᠠᠳᠣᠮ᠂ ᠣᠷᠣᠯᠳᠣᠭᠠᠨ ᠵᠡᠷᠬᠡ  ᠣᠯᠠᠨ ᠠᠷᠪᠢᠨ ᠬᠦᠳᠡᠯᠬᠡᠬᠡᠨ ᠢ ᠦᠷᠨᠢᠬᠦᠯᠬᠦ ᠪᠠᠷ ᠪᠠᠶᠢᠨ᠎ᠠ᠃ ︶
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠬᠠᠮ ᠵᠠᠭᠤᠴᠢᠯᠠᠭᠤᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号