ᠤᠪᠤᠭᠠᠨ ᠭᠤᠤᠯ ᠭᠠᠴᠠᠭᠠᠨ ᠤ ᠮᠠᠯᠴᠢᠳ ᠲᠤ ᠦᠨ᠎ᠠ ᠲᠦᠯᠣᠪᠣᠷᠢ ᠦᠬᠡᠢ ᠮᠠᠯ ᠤᠨ ᠡᠮ ᠳᠠᠷᠬᠠᠭᠠᠪᠠ
ᠨᠡᠶᠢᠲᠡᠯᠡᠭᠰᠡᠨ ᠴᠠᠭ᠄
2024/12/30
     ᠡᠪᠦᠯ ᠬᠠᠪᠤᠷ ᠤᠨ ᠤᠯᠠᠷᠢᠯ ᠤᠨ ᠮᠠᠯ ᠤᠨ ᠬᠢᠵᠢᠭ ᠭᠡᠮ ᠢ ᠰᠡᠷᠭᠡᠶᠢᠯᠡᠬᠦ ᠶᠢᠨ ᠲᠥᠯᠥᠭᠡ᠂ 12 ᠰᠠᠷ᠎ᠠ ᠶᠢᠨ 26 ᠤ ᠡᠳᠦᠷ᠂ ᠬᠥᠪᠡᠭᠡᠲᠦ ᠰᠢᠷ᠎ᠠ ᠬᠤᠰᠢᠭᠤᠨ ᠤ ᠠᠮᠢᠳᠠᠨ ᠤ ᠬᠢᠵᠢᠭ ᠬᠡᠮ ᠢ ᠰᠡᠷᠬᠡᠶᠢᠯᠡᠨ ᠬᠤᠷᠢᠬᠯᠠᠬᠤ ᠲᠦᠪ ᠨᠢ ᠲᠠᠭᠠᠭᠠᠴᠢᠯᠠᠬᠰᠠᠨ ᠭᠠᠴᠠᠭ᠎ᠠ ᠪᠣᠯᠬᠤ ᠪᠠᠶᠠᠨᠲᠠᠯ᠎ᠠ ᠪᠠᠯᠭᠠᠰᠤᠨ ᠤ ᠣᠪᠣᠭᠠᠨ ᠭᠤᠣᠯ ᠭᠠᠴᠠᠭᠠᠨ ᠳᠤ ᠬᠦᠷᠴᠦ᠂ ᠮᠠᠯ ᠤᠨ ᠫᠠᠷᠠᠽᠠᠲ ᠬᠤᠷᠣᠬᠠᠶ ᠶᠢ ᠲᠠᠭᠤᠬᠤ ᠡᠮ ᠢ ᠦᠨ᠎ᠡ ᠲᠥᠯᠥᠪᠦᠷᠢ ᠦᠭᠡᠢ ᠪᠠᠷ ᠲᠠᠷᠬᠠᠭᠠᠬᠤ ᠠᠵᠢᠯᠯᠠᠭ᠎ᠠ ᠥᠷᠨᠢᠭᠦᠯᠪᠡ᠃     ᠠᠬᠤᠢ ᠲᠠᠯᠠᠪᠠᠢ ᠳᠤ ᠬᠤᠰᠢᠭᠤᠨ ᠤ ᠠᠮᠢᠳᠠᠨ ᠤ ᠬᠢᠵᠢᠭ ᠬᠡᠮ ᠢ ᠣᠷᠢᠳᠴᠢᠯᠠᠨ ᠰᠡᠷᠬᠡᠶᠢᠯᠡᠨ ᠬᠤᠷᠢᠬᠯᠠᠬᠤ ᠲᠦᠪ ᠤᠨ ᠠᠵᠢᠯᠲᠠᠨ ᠠᠴᠠ ᠬᠤᠷᠣᠬᠠᠶ ᠲᠠᠭᠤᠬᠤ ᠡᠮ ᠠᠪᠬᠤ ᠪᠠᠷ ᠢᠷᠡᠭᠰᠠᠨ ᠮᠠᠯᠴᠢᠳ ᠢ ᠳᠡᠩᠰᠡᠯᠡᠨ ᠲᠡᠮᠳᠡᠭᠯᠡᠬᠦ ᠶᠢᠨ ᠬᠠᠮᠲᠤ ᠬᠤᠷᠣᠬᠠᠶ ᠲᠠᠭᠤᠬᠤ ᠡᠮ ᠤᠨ ᠬᠡᠷᠡᠭᠯᠡᠬᠦ ᠠᠷᠭ᠎ᠠ᠂ ᠠᠩᠬᠠᠷᠬᠤ ᠵᠦᠢᠯᠡᠰ ᠢ ᠨᠠᠷᠢᠨ ᠲᠠᠨᠢᠯᠴᠠᠭᠤᠯᠵᠤ ᠪᠠᠶᠢᠯ᠎ᠠ᠃ ︽ᠦᠨᠣᠳᠣᠷ ᠬᠤᠰᠢᠭᠤᠨ ᠤ ᠠᠮᠢᠳᠠᠨ ᠤ ᠬᠢᠵᠢᠭ ᠬᠡᠮ ᠢ ᠣᠷᠢᠳᠴᠢᠯᠠᠨ ᠰᠡᠷᠬᠡᠶᠢᠯᠡᠨ ᠬᠤᠷᠢᠬᠯᠠᠬᠤ ᠲᠦᠪ ᠠᠴᠠ ᠮᠠᠯᠴᠢᠳ ᠲᠤ ᠬᠤᠶᠡᠷ ᠵᠦᠢᠯ ᠤᠨ ᠡᠮ ᠢ ᠦᠨ᠎ᠠ ᠲᠦᠯᠣᠪᠣᠷᠢ ᠦᠬᠡᠢ ᠲᠦᠬᠡᠬᠡᠨ ᠦᠭᠬᠦᠭᠰᠠᠨ ᠪᠠᠶᠢᠨ᠎ᠠ︔ ᠪᠢ ᠮᠠᠨ ᠤ ᠭᠠᠴᠠᠭᠠᠨ ᠤ ᠮᠠᠯᠴᠢᠨ ᠲᠦᠮᠡᠨ ᠢᠶᠠᠨ ᠲᠦᠯᠣᠬᠡᠯᠡᠨ ᠪᠠᠶᠠᠷᠯᠠᠵᠣ ᠲᠠᠯᠠᠷᠬᠠᠬᠰᠠᠨ ᠰᠡᠳᠬᠢᠯᠬᠡ ᠪᠠᠨ ᠢᠯᠡᠳᠬᠡᠵᠣ ᠪᠠᠶᠢᠨ᠎ᠠ︔ ᠡᠨᠡᠬᠦ ᠠᠵᠢᠯᠯᠠᠭ᠎ᠠ ᠶᠢ ᠮᠠᠨ ᠤ ᠲᠠᠭᠠᠭᠠᠴᠢᠯᠬᠰᠠᠨ ᠪᠠᠶᠢᠭᠤᠯᠭ᠎ᠠ ᠬᠤᠶᠡᠷ ᠣᠳᠠᠭ᠎ᠠ ᠬᠢᠵᠣ ᠪᠣᠢ︔ ᠨᠢᠬᠡᠳᠣᠬᠡᠷ ᠣᠳᠠᠭ᠎ᠠ ᠨᠢ ᠠᠶᠢᠮᠠᠭ ᠠᠴᠠ ᠳᠤᠰᠬᠠᠢ ᠮᠡᠷᠬᠡᠵᠢᠯᠳᠠᠨ ᠣᠷᠢᠨ ᠠᠪᠴᠢᠷᠠᠵᠣ ᠭᠠᠴᠠᠭᠠᠨ ᠤ ᠬᠤᠨᠢ ᠦᠬᠡᠷ ᠤᠨ ᠢᠯᠭᠠᠳᠠᠰᠣ ᠶᠢ ᠪᠠᠶᠢᠴᠠᠭᠠᠵᠣ᠂ ᠦᠨᠣᠳᠣᠷ ᠲᠣᠰᠬᠠᠢ ᠪᠠᠶᠢᠴᠠᠭᠠᠬᠰᠠᠨ ᠦᠷ᠎ᠡ ᠳ᠋ᠦᠩ ᠳᠤ ᠪᠠᠨ ᠲᠣᠬᠢᠷᠠᠭᠤᠯᠣᠨ ᠬᠤᠷᠣᠬᠠᠢ ᠲᠠᠭᠤᠬᠤ ᠡᠮ ᠢ ᠲᠦᠬᠡᠬᠡᠵᠣ ᠦᠭᠬᠦᠭᠰᠠᠨ ᠪᠠᠶᠢᠨ᠎ᠠ︾ ᠭᠡᠵᠤ ᠣᠪᠣᠭᠠᠨ ᠭᠤᠣᠯ ᠭᠠᠴᠠᠭᠠᠨ ᠤ ᠨᠠᠮ ᠤᠨ ᠡᠬᠦᠷ ᠤᠨ ᠱᠦᠵᠢ᠂ ᠭᠠᠴᠠᠭᠠᠨ ᠲᠠᠷᠤᠭ᠎ᠠ ᠬᠠᠶᠢᠭᠤᠯ ᠶᠠᠷᠢᠯ᠎ᠠ᠃     ᠣᠶᠢᠯᠠᠭᠠᠭᠰᠠᠨ ᠢᠶᠠᠷ᠂ ᠲᠣᠰ ᠤᠳᠠᠭᠠᠨ ᠤ ᠠᠵᠢᠯᠯᠠᠭ᠎ᠠ ᠳᠡᠭᠡᠷ᠎ᠡ ᠪᠠᠶᠠᠨᠲᠠᠯ᠎ᠠ ᠪᠠᠯᠭᠠᠰᠤᠨ ᠤ ᠣᠪᠣᠭᠠᠨ ᠭᠤᠤᠯ ᠭᠠᠴᠠᠭᠠᠨ ᠤ 65 ᠮᠠᠯᠵᠢᠬᠤ ᠡᠷᠦᠬᠡ ᠳᠤ 12000 ᠭᠠᠷᠤᠶ ᠲᠥᠭᠦᠷᠢᠭ ᠤᠨ ᠦᠷᠲᠡᠭ ᠪᠦᠬᠦᠢ ᠮᠠᠯ ᠤᠨ ᠫᠠᠷᠠᠽᠠᠲ ᠬᠤᠷᠣᠬᠠᠶ ᠶᠢ ᠲᠠᠭᠤᠬᠤ ᠡᠮ ᠢ ᠲᠠᠷᠬᠠᠭᠠᠨᠰᠠᠨ ᠪᠠᠶᠢᠨ᠎ᠠ᠃ ︽ᠦᠨᠣ ᠵᠢᠯ ᠤᠨ 10 ᠰᠡᠷ᠎ᠡ ᠶᠢᠨ 24 ᠤ ᠡᠳᠣᠷ᠂ ᠪᠢᠳᠠ ᠪᠦᠬᠦ ᠭᠠᠴᠠᠭᠠᠨ ᠤ ᠭᠤᠴᠢ ᠭᠠᠷᠣᠢ ᠡᠷᠣᠬᠡ ᠶᠢᠨ ᠮᠠᠯ ᠤᠨ ᠢᠯᠭᠠᠳᠠᠰᠤ ᠶᠢ  ᠪᠠᠶᠢᠴᠠᠭᠠᠯ᠎ᠠ︔ ᠣᠪᠣᠭᠠᠨ ᠭᠤᠣᠯ ᠭᠠᠴᠠᠭᠠᠨ ᠤ ᠮᠠᠯ ᠤᠨ ᠬᠤᠷᠣᠬᠠᠢ ᠨᠢ ᠭᠤᠣᠯᠳᠠᠭᠤ ᠬᠡᠳᠡᠰᠣᠨ ᠤ ᠣᠰᠣᠯᠢᠭ ᠬᠤᠷᠣᠬᠠᠢ᠂ ᠬᠤᠳᠣᠭᠤᠳᠣᠨ ᠤ ᠣᠰᠣᠯᠢᠭ ᠬᠤᠷᠣᠬᠠᠢ ᠠᠷᠪᠢᠨ ᠪᠠᠶᠢᠨ᠎ᠠ︔ ᠡᠨᠡᠬᠦ ᠪᠠᠶᠢᠳᠠᠯ ᠳᠤ ᠲᠣᠬᠢᠷᠠᠭᠤᠯᠣᠨ ᠦᠨᠣᠳᠣᠷ ᠬᠤᠶᠡᠷ ᠵᠦᠢᠯ ᠤᠨ ᠡᠮ  ᠢ ᠮᠠᠯᠴᠢᠨ ᠲᠦᠮᠡᠨ ᠳᠤ ᠪᠠᠨ ᠲᠦᠬᠡᠬᠡᠵᠣ ᠦᠭᠬᠦᠭᠰᠠᠨ ᠪᠠᠶᠢᠨ᠎ᠠ︾ ᠭᠡᠵᠤ ᠬᠦᠪᠡᠬᠡᠳᠣ ᠰᠢᠷ᠎ᠡ ᠬᠤᠰᠢᠭᠤᠨ ᠤ ᠠᠮᠢᠳᠠᠨ ᠤ ᠬᠢᠵᠢᠭ ᠬᠡᠮ ᠢ ᠣᠷᠢᠳᠴᠢᠯᠠᠨ ᠰᠡᠷᠬᠡᠶᠢᠯᠡᠨ ᠬᠤᠷᠢᠬᠯᠠᠬᠤ ᠲᠦᠪ ᠤᠨ ᠲᠡᠳ᠋ ᠡᠷᠬᠢᠯᠡᠭᠴᠢ ᠪᠦᠬᠡᠪᠢᠯᠢᠭ ᠶᠠᠷᠢᠯ᠎ᠠ᠃     ᠲᠣᠰ ᠤᠳᠠᠭᠠᠨ ᠤ ᠠᠵᠢᠯᠯᠠᠭ᠎ᠠ ᠨᠢ ᠫᠠᠷᠠᠽᠠᠲ ᠬᠤᠷᠣᠬᠠᠶ ᠶᠢᠨ ᠬᠠᠯᠳᠠᠪᠤᠷᠢᠯᠠᠯ ᠠᠴᠠ ᠪᠣᠯᠤᠭᠰᠠᠨ ᠮᠠᠯ ᠤᠨ ᠡᠪᠡᠳᠴᠢᠯᠡᠬᠦ ᠨᠣᠷᠮ᠎ᠠ ᠪᠠ ᠦᠬᠦᠬᠦ ᠨᠣᠷᠮ᠎ᠠ ᠶᠢ ᠪᠠᠭᠠᠰᠬᠠᠵᠤ᠂ ᠮᠠᠯ ᠤᠨ ᠬᠢᠵᠢᠭ ᠭᠡᠮ ᠢ ᠰᠡᠷᠬᠡᠶᠢᠯᠡᠨ᠂  ᠬᠤᠨᠢ ᠬᠤᠷᠠᠭᠠᠨ ᠤ ᠮᠡᠨᠳᠦ ᠤᠨᠳᠤᠷᠤᠬᠤ ᠶᠢ ᠪᠠᠲᠤᠯᠠᠬᠤ ᠳᠤ ᠠᠰᠢᠭᠲᠠᠢ ᠶᠤᠮ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠬᠠᠮ ᠵᠠᠭᠤᠴᠢᠯᠠᠭᠤᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号