2 ᠰᠠᠷ᠎ᠠ ᠶᠢᠨ 1 ᠤ ᠡᠳᠦᠷ᠂ ᠬᠤᠰᠢᠭᠤ ᠠᠳᠤᠭᠤᠨ ᠰᠣᠶᠣᠯ ᠤᠨ ᠮᠦᠽᠧᠢ ᠨᠢ ︽ᠰᠢᠨ᠎ᠡ ᠵᠢᠯ ᠢᠶᠠᠨ | ᠤᠭᠲᠤᠬᠤ︾ ᠪᠠᠭᠠᠴᠤᠳ ᠬᠡᠥᠬᠡᠳ ᠤᠨ ᠮᠡᠳᠡᠯᠭᠡ ᠶᠢᠨ ᠤᠷᠤᠯᠳᠤᠭᠠᠨ ᠢ ᠶᠠᠪᠤᠭᠳᠠᠭᠤᠯᠵᠤ᠂ ᠬᠡᠥᠬᠡᠳ ᠤᠳ ᠲᠤ | ᠤᠯᠠᠮᠵᠢᠯᠠᠯᠲᠤ ᠮᠤᠩᠭᠤᠯ ᠠᠳᠤᠭᠤᠨ ᠰᠤᠶᠤᠯ ᠢ ᠨᠡᠩ ᠰᠠᠶᠢᠨ ᠲᠠᠨᠢᠭᠤᠯᠵᠤ᠂ ᠭᠦᠨ ᠵᠤᠵᠠᠭᠠᠨ ᠤᠳᠬ᠎ᠠ ᠠᠭᠤᠯᠭ᠎ᠠ | ᠲᠠᠢ ᠰᠢᠨ᠎ᠡ ᠵᠢᠯ ᠢᠶᠠᠨ ᠣᠭᠲᠤᠬᠤ ᠬᠦᠳᠡᠯᠭᠡᠭᠡᠨ ᠪᠤᠯᠤᠭᠰᠠᠨ ᠪᠠᠶᠢᠨ᠎ᠠ᠃ | ᠮᠡᠳᠡᠯᠭᠡ ᠶᠢᠨ ᠤᠷᠤᠯᠳᠤᠭᠠᠨ ᠡᠬᠢᠯᠡᠬᠦ ᠠᠴᠠ ᠡᠮᠦᠨ᠎ᠡ᠂ ᠠᠵᠢᠯᠲᠠᠨ ᠠᠴᠠ ᠬᠡᠤᠬᠡᠳ ᠤᠳ ᠢ ᠳᠠᠭᠠᠭᠤᠯᠤᠨ | ᠠᠳᠤᠭᠤᠨ ᠰᠣᠶᠣᠯ ᠤᠨ ᠮᠦᠽᠧᠶ ᠶᠢ ᠲᠣᠭᠤᠷᠢᠨ ᠦᠵᠡᠭᠦᠯᠬᠦ ᠶᠢᠨ ᠬᠠᠮᠲᠤ᠂ ᠮᠣᠩᠭᠤᠯ ᠠᠳᠤᠭᠤᠨ ᠤ ᠡᠭᠦᠰᠦᠯ᠂ | ᠬᠥᠭᠵᠢᠯᠲᠡ᠂ ᠲᠥᠷᠥᠯ ᠵᠦᠢᠯ᠂ ᠵᠢᠰᠦᠮ ᠵᠡᠷᠭᠡ ᠶᠢ ᠨᠠᠷᠢᠨ ᠲᠠᠶᠢᠯᠪᠤᠷᠢᠯᠠᠨ᠂ ᠡᠮᠡᠭᠡᠯ ᠤᠨ ᠡᠯ᠎ᠡ ᠬᠡᠰᠡᠭ ᠤᠨ | ᠨᠡᠷᠡᠶᠢᠳᠦᠯ ᠢ ᠲᠠᠨᠢᠯᠴᠠᠭᠤᠯᠵᠠᠢ᠃ | ᠳᠠᠷᠠᠭ᠎ᠠ ᠳᠤᠨᠢ ︽ᠰᠢᠨ᠎ᠡ ᠵᠢᠯ ᠢᠶᠠᠨ ᠤᠭᠲᠤᠬᠤ︾ ᠪᠠᠭᠠᠴᠤᠳ ᠬᠡᠥᠬᠡᠳ ᠤᠨ ᠮᠡᠳᠡᠯᠭᠡ ᠶᠢᠨ ᠤᠷᠤᠯᠳᠤᠭᠠᠨ | ᠶᠠᠪᠤᠭᠳᠠᠵᠤ᠂ ᠬᠡᠤᠬᠡᠳ ᠤᠳ ᠠᠴᠠ ᠠᠳᠤᠭᠤᠨ ᠤ ᠲᠤᠬᠠᠢ ᠮᠡᠳᠡᠯᠭᠡ ᠶᠢ ᠠᠰᠠᠭᠤᠵᠤ᠂ ᠠᠳᠤᠭᠤᠨ ᠰᠣᠶᠣᠯ ᠤᠨ | ᠲᠤᠬᠠᠶ ᠣᠶᠢᠯᠠᠭᠠᠯᠲᠠ ᠶᠢ ᠤᠯᠠᠮ ᠨᠢᠭᠡ ᠠᠯᠬᠤᠮ ᠭᠦᠨᠵᠡᠭᠡᠶᠢᠷᠡᠭᠦᠯᠵᠡᠢ᠃ ᠬᠠᠮᠤᠭ ᠰᠡᠬᠦᠯ ᠳᠤᠨᠢ ᠤᠷᠤᠯᠳᠤᠭᠠᠨ ᠳᠤ | ᠣᠷᠣᠯᠴᠠᠭᠰᠠᠨ ᠬᠡᠥᠬᠡᠳ ᠤᠳ ᠲᠤ ᠱᠠᠩᠨᠠᠯ ᠤᠨ ᠨᠤᠮ ᠪᠠ ᠦᠨᠳᠦᠰᠦᠲᠡᠨ ᠤ ᠤᠨᠴᠠᠯᠢᠭᠲᠤ ᠪᠦᠬᠦᠢ ᠪᠡᠯᠡᠭ | ᠬᠦᠷᠭᠡᠵᠡᠢ᠃ ︽ᠥᠨᠥᠳᠦᠷ ᠤᠨ ᠬᠥᠳᠡᠯᠭᠡᠭᠡᠨ ᠳᠤ ᠤᠷᠤᠯᠴᠠᠵᠤ ᠮᠣᠷᠢᠨ ᠤ ᠰᠢᠳᠦ ᠪᠠᠷ ᠨᠠᠰᠤ ᠶᠢ ᠨᠢ ᠮᠡᠳᠡᠬᠦ ᠪᠠ | ᠠᠳᠤᠭᠤᠨ ᠤ ᠲᠤᠬᠠᠶ ᠨᠡᠩ ᠤᠯᠠᠨ ᠮᠡᠳᠡᠯᠭᠡ ᠶᠢ ᠡᠵᠡᠮᠰᠢᠭᠰᠡᠨ ᠳᠡᠭᠡᠨ ᠪᠢ ᠶᠡᠭᠡ ᠪᠠᠶᠠᠷᠲᠠᠢ ᠪᠠᠶᠢᠨ᠎ᠠ ︾ ᠭᠡᠵᠦ | ᠤᠷᠤᠯᠴᠠᠭᠴᠢ ᠪᠤᠯᠤᠷᠮ᠎ᠠ ᠶᠠᠷᠢᠯ᠎ᠠ᠃ | ᠲᠣᠰ ᠣᠳᠠᠭᠠᠨ ᠤ ︽ᠰᠢᠨ᠎ᠡ ᠵᠢᠯ ᠢᠶᠠᠨ ᠤᠭᠲᠤᠬᠤ︾ ᠪᠠᠭᠠᠴᠤᠳ ᠬᠡᠥᠬᠡᠳ ᠤᠨ ᠮᠡᠳᠡᠯᠭᠡ ᠶᠢᠨ | ᠤᠷᠤᠯᠳᠤᠭᠠᠨ ᠨᠢ ᠬᠡᠦᠬᠡᠳ ᠤᠳ ᠲᠤ ᠠᠳᠤᠭᠤᠨ ᠤ ᠰᠣᠶᠣᠯ ᠤᠨ ᠮᠡᠳᠡᠯᠭᠡ ᠶᠢ ᠣᠶᠢᠯᠠᠭᠠᠭᠤᠯᠵᠤ᠂ ᠳᠤᠮᠳᠠᠳᠤ ᠶᠢᠨ | ᠰᠢᠯᠢᠳᠡᠭ ᠤᠯᠠᠮᠵᠢᠯᠠᠯᠲᠤ ᠰᠣᠶᠣᠯ ᠤᠨ ᠬᠦᠴᠦᠨ ᠴᠢᠳᠠᠯ ᠢ ᠣᠯᠭᠤᠵᠠᠢ᠃ | |