ᠮᠦᠩᠬᠦᠨ ᠲᠠᠷᠬᠠᠨ ᠸᠴᠢᠷᠪᠡᠳᠣ ᠶᠢᠨ ᠪᠠᠷᠢᠮᠳᠠᠯᠠᠯ | ᠬᠠᠮ ᠵᠠᠭᠤᠴᠢᠯᠠᠭᠤᠷ ᠤᠨ ᠰᠤᠷᠪᠤᠯᠵᠢᠯᠠᠭᠴᠢ ᠳᠤᠷᠠᠨᠠ ᠰᠢᠨᠵᠢᠯᠡᠲᠦ | ᠬᠦᠪᠡᠬᠡᠳᠣ ᠰᠢᠷ᠎ᠡ ᠬᠤᠰᠢᠭᠤᠨ ᠤ ᠣᠩᠭᠤᠨ ᠠᠭᠤᠯᠠ ᠰᠣᠮᠣᠨ ᠤ ᠸᠴᠢᠷᠪᠠᠳᠣ ᠪᠣᠯ ᠭᠤᠴᠢ ᠬᠦᠷᠦᠬᠡ ᠦᠭᠡᠢ ᠵᠠᠯᠠᠭᠤ | ᠮᠥᠩᠭᠦᠨ ᠳᠠᠷᠬᠠᠨ ᠶᠤᠮ᠃ ᠨᠠᠰᠤ ᠵᠠᠯᠠᠭᠤ ᠪᠤᠯᠪᠠᠴᠦ ᠥᠪᠡᠷ ᠤᠨ ᠰᠥᠰᠥ ᠵᠣᠷᠢᠭ ᠪᠠᠷᠢᠮᠳᠠᠯᠠᠯ ᠢᠶᠠᠷ ᠢᠶᠠᠨ ᠤᠷ᠎ᠠ | ᠮᠡᠷᠭᠡᠵᠢᠯ ᠢᠶᠠᠨ ᠳᠡᠭᠡᠭᠰᠢᠯᠡᠬᠦᠯᠵᠤ᠂ ᠤᠯᠠᠮᠵᠢᠯᠠᠯᠲᠤ ᠰᠣᠶᠣᠯ ᠢᠶᠠᠨ ᠣᠯᠠᠮᠵᠢᠯᠠᠨ ᠬᠦᠭᠵᠢᠬᠦᠯᠬᠦ ᠶᠢᠨ ᠲᠦᠯᠦᠭᠡ | ᠵᠢᠳᠬᠦᠨ᠂ ᠣᠳᠣᠬᠢᠴᠢᠯᠠᠭᠰᠠᠨ ᠬᠠᠷᠠᠭᠠᠰᠤ ᠪᠠ ᠪᠦᠲᠦᠭᠡᠯᠴᠢ ᠴᠢᠳᠠᠪᠤᠷᠢ ᠪᠠᠨ ᠤᠯᠠᠮᠵᠢᠯᠠᠯᠲᠦ ᠰᠤᠶᠤᠯ ᠪᠠ ᠰᠢᠨ᠎ᠡ ᠶᠢ | ᠡᠭᠦᠳᠬᠦ ᠲᠠᠢ ᠤᠶᠠᠯᠳᠤᠭᠤᠯᠤᠨ᠂ ᠰᠣᠶᠣᠯ ᠤᠨ ᠵᠠᠬ᠎ᠠ ᠲᠡᠯᠬᠡᠬᠦᠷ ᠳᠤᠮᠳᠠ ᠦᠪᠡᠷ ᠤᠨ ᠭᠡᠰᠡᠨ ᠵᠠᠮ ᠨᠡᠭᠡᠭᠡᠨ | ᠤᠷᠤᠭᠰᠢᠯᠠᠵᠤ ᠶᠠᠪᠣᠨ᠎ᠠ᠃ | ᠰᠣᠷᠪᠣᠯᠵᠢᠯᠠᠬᠴᠢ ᠰᠢᠨᠡᠪᠤᠯᠠᠭ ᠪᠠᠯᠭᠠᠰᠤᠨ ᠤ ᠦᠨᠳᠣᠰᠣᠳᠠᠨ ᠤ ᠵᠠᠩ ᠦᠢᠯᠡ ᠰᠣᠶᠣᠯ ᠤᠨ ᠵᠡᠬᠡᠯᠢ ᠶᠢᠨ ︽ᠲᠠᠷᠬᠠᠨ︾ | ᠮᠦᠩᠬᠦᠨ ᠡᠳ᠋ᠯᠡᠯ ᠤᠨ ᠲᠡᠯᠬᠡᠬᠦᠷ ᠲᠤ ᠬᠦᠷᠬᠦ ᠳᠤ᠂ ᠭᠤᠴᠤ ᠰᠠᠶᠢᠬᠠᠨ ᠮᠥᠩᠭᠦᠨ ᠠᠶᠠᠭ᠎ᠠ᠂ ᠮᠥᠩᠭᠦᠨ ᠲᠣᠯᠣᠭᠠᠢ | ᠶᠢᠨ ᠵᠠᠰᠠᠯ᠂ ᠮᠥᠩᠭᠦᠨ ᠰᠣᠨᠳᠣᠷ᠂ ᠮᠣᠩᠭᠤᠯ ᠬᠢᠲᠤᠭ᠎ᠠ ᠵᠡᠷᠭᠡ ᠡᠳ᠋ᠯᠡᠯ ᠬᠡᠷᠡᠭᠰᠡᠯ ᠬᠠᠷᠠᠭᠠᠨ ᠳᠤ ᠰᠤᠳᠤᠬᠠᠨ | ᠬᠢᠯᠠᠯᠵᠠᠵᠤ᠂ ᠣᠳᠣ ᠦᠶ᠎ᠡ ᠶᠢᠨ ᠮᠠᠰᠢᠨ ᠪᠠᠭᠠᠵᠢ ᠶᠢᠨ ᠳᠠᠪᠠᠭᠤᠯᠢᠭ ᠪᠠ ᠤᠯᠠᠮᠵᠢᠯᠠᠯᠲᠦ ᠭᠠᠷ ᠤᠷᠠᠯᠠᠯ ᠤᠨ ᠤᠷᠠᠨ | ᠳᠡᠮ ᠢ ᠤᠶᠠᠯᠳᠤᠭᠤᠯᠤᠭᠰᠠᠨ ᠬᠢᠴᠡ ᠲᠠᠢ ᠠᠯᠲᠠ ᠮᠥᠩᠭᠦᠨ ᠪᠦᠲᠦᠭᠡᠭᠳᠡᠬᠦᠨ ᠨᠢ ᠸᠴᠢᠷᠪᠡᠳᠣ ᠶᠢᠨ ᠦᠪᠡᠷᠮᠢᠴᠡ | ᠤᠨᠴᠠᠯᠢᠭ ᠲᠠᠢ ᠤᠷ᠎ᠠ ᠳᠡᠮ ᠢ ᠳᠤᠳᠤᠬᠠᠨ ᠬᠠᠷᠠᠭᠤᠯᠵᠤ ᠪᠠᠶᠢᠯ᠎ᠠ᠃ | ᠸᠴᠢᠷᠪᠡᠳᠣ ᠬᠠᠷᠬᠠᠨ ᠪᠠᠭ᠎ᠠ ᠠᠴᠠ ᠪᠠᠨ ᠡᠵᠢ ᠪᠠᠨ ᠲᠠᠭᠠᠨ ᠮᠣᠳᠣ ᠵᠣᠷᠭᠤᠨ ᠦᠬᠡᠷ ᠲᠡᠷᠬᠡ ᠣᠷᠠᠯᠠᠬᠤ᠂ ᠪᠢᠴᠢᠬᠠᠨ | ᠭᠠᠷ ᠣᠷᠠᠯᠠᠯ ᠬᠢᠬᠦ ᠶᠢ ᠰᠤᠷᠴᠦ ᠪᠠᠶᠢᠭᠰᠠᠨ ᠠᠴᠠ ᠪᠠᠨ ᠠᠭᠠᠵᠢᠮ ᠢᠶᠠᠷ ᠳᠠᠷᠬᠠᠨ ᠬᠦᠮᠦᠨ ᠤ ᠠᠪᠢᠶᠠᠰ ᠨᠢ | ᠮᠡᠳᠡᠷᠡᠭᠳᠡᠵᠤ᠂ 2009 ᠣᠨ ᠳᠤ ᠬᠦᠬᠡᠬᠤᠳᠠ ᠶᠢᠨ ᠵᠢᠷᠤᠭ ᠪᠢᠴᠢᠯᠬᠡ ᠶᠢᠨ ᠲᠡᠬᠡᠳᠣ ᠰᠣᠷᠭᠠᠭᠤᠯᠢ ᠳᠤ ᠣᠷᠠᠨ | ᠪᠢᠴᠢᠯᠭᠡ ᠶᠢᠨ ᠮᠡᠷᠬᠡᠵᠢᠯ ᠰᠣᠷᠣᠯᠴᠠᠨ᠂ 2012 ᠣᠨ ᠳᠤ ᠠᠷᠠᠰᠣᠨ ᠡᠳ᠋ᠯᠡᠯ ᠤᠷᠠᠯᠠᠬᠤ ᠮᠡᠷᠬᠡᠵᠢᠯ ᠢ ᠰᠣᠷᠣᠯᠴᠠᠨ | ᠬᠤᠶᠡᠷ ᠵᠢᠯ ᠠᠷᠠᠰᠣᠨ ᠡᠳ᠋ᠯᠡᠯ ᠬᠢᠵᠣ ᠪᠠᠶᠢᠵᠠᠢ᠃ ︽2014 ᠣᠨ ᠳᠤ ᠮᠦᠩᠬᠦᠨ ᠲᠠᠷᠬᠠᠨ ᠤ ᠮᠡᠷᠬᠡᠵᠢᠯ ᠢ ᠪᠠᠭᠰᠢ | ᠠᠴᠠ ᠪᠠᠨ ᠰᠣᠷᠣᠯᠴᠠᠬᠤ ᠪᠠᠷ ᠱᠠᠪᠢᠯᠠᠵᠣ ᠣᠴᠢᠬᠰᠠᠨ︔ ᠵᠢᠯ ᠭᠠᠷᠣᠢ ᠰᠣᠷᠣᠯᠴᠠᠵᠣ 2015 ᠣᠨ ᠠᠴᠠ ᠡᠬᠢᠯᠡᠨ | ᠣᠳᠣ ᠪᠣᠯᠳᠠᠯ᠎ᠠ ᠲᠠᠷᠬᠠᠨ ᠤ ᠵᠠᠮ ᠢᠶᠠᠨ ᠬᠦᠬᠡᠬᠡᠵᠣ ᠪᠠᠶᠢᠨ᠎ᠠ︔ 2016 ᠤᠨ ᠳᠤ ᠡᠨᠡ ᠳᠡᠯᠭᠡᠬᠦᠷ ᠢᠶᠠᠨ | ᠨᠡᠭᠡᠭᠡᠭᠰᠡᠨ︾ ᠭᠡᠵᠤ ᠸᠴᠢᠷᠪᠡᠳᠣ ᠶᠠᠷᠢᠯ᠎ᠠ᠃ | ᠬᠦᠰᠡᠯ ᠣᠷᠣᠯᠳᠣᠯᠭ᠎ᠠ ᠠᠴᠠ ᠠᠮᠵᠢᠯᠳᠠ ᠪᠦᠳᠣᠬᠡᠯ ᠳᠤᠳᠤᠷᠠᠳᠠᠭ ᠵᠣᠶᠢᠲᠠᠢ᠃ ︽ᠲᠠᠷᠬᠠᠨ ᠬᠦᠮᠣᠨ ᠪᠣᠷᠬᠠᠨ | ᠣᠬᠠᠭᠠᠨ ᠲᠠᠢ︾ ᠬᠡᠳᠡᠭᠴᠢᠯᠡᠨ ᠸᠴᠢᠷᠪᠡᠳᠣ ᠤᠷᠠᠨ ᠨᠠᠷᠢᠨ ᠤᠷᠠᠯᠠᠯ ᠢ ᠰᠠᠨᠠᠭ᠎ᠠ ᠲᠠᠯᠪᠢᠨ ᠰᠤᠳᠤᠯᠵᠤ᠂ ᠪᠤᠰᠤᠳ | ᠤᠨ ᠰᠠᠨᠠᠭ᠎ᠠ ᠱᠠᠭᠠᠷᠳᠠᠯᠭ᠎ᠠ ᠶᠢ ᠰᠡᠳᠬᠢᠯ ᠤᠨ ᠤᠭ ᠠᠴᠠ ᠪᠠᠨ ᠬᠦᠯᠢᠶᠡᠨ ᠠᠪᠴᠦ ᠪᠦᠲᠦᠭᠡᠯ ᠳᠤ ᠪᠠᠨ ᠠᠰᠢᠭᠯᠠᠨ᠂ | ᠦᠪᠡᠷ ᠤᠨ ᠮᠡᠳᠡᠬᠦ ᠦᠭᠡᠢ ᠵᠦᠢᠯ ᠢᠶᠠᠨ ᠪᠣᠰᠣᠳ ᠠᠴᠠ ᠰᠣᠷᠣᠯᠴᠠᠬᠤ ᠶᠢ ᠪᠠᠷᠢᠮᠲᠠᠯᠠᠨ ᠬᠢᠴᠢᠶᠡᠳᠡᠭ ᠪᠦᠬᠡᠳ | ᠮᠡᠷᠬᠡᠵᠢᠯ ᠢᠶᠠᠨ ᠲᠡᠬᠡᠭᠰᠢᠯᠡᠬᠦᠯᠬᠦ ᠶᠢᠨ ᠲᠦᠯᠣᠬᠡ ᠴᠢᠯᠣᠬᠡ ᠵᠠᠪ ᠪᠠᠷ ᠢᠶᠠᠨ ᠲᠣᠣᠷ ᠰᠦᠯᠵᠢᠶ᠎ᠠ ᠶᠢ ᠠᠰᠢᠬᠯᠠᠨ | ᠰᠤᠷᠤᠯᠴᠠᠳᠠᠭ ᠠᠴᠠ ᠲᠠᠬᠦᠨ ᠤ ᠮᠡᠷᠭᠡᠵᠢᠯ ᠴᠢᠳᠠᠪᠤᠷᠢ ᠨᠢ ᠤᠯᠠᠮ ᠢᠶᠠᠷ ᠳᠡᠭᠡᠭᠰᠢᠯᠡᠵᠤ᠂ ᠤᠷᠠᠯᠠᠯ ᠪᠦᠳᠣᠬᠡᠯ ᠨᠢ | ᠬᠦᠮᠣᠰ ᠲᠤ ᠮᠠᠰᠢ ᠬᠤᠷᠳᠤᠨ ᠲᠠᠭᠠᠰᠢᠶᠠᠭᠳᠠᠵᠤ᠂ ᠠᠷᠠᠯᠵᠢᠶ᠎ᠠ ᠬᠤᠳᠠᠯᠳᠤᠭ᠎ᠠ ᠨᠢ ᠡᠳᠣᠷ ᠢᠷᠡᠬᠦᠶ᠎ᠠ ᠰᠠᠶᠢᠵᠢᠷᠠᠨ᠂ | ᠬᠦᠬᠡᠬᠤᠳᠠ᠂ ᠰᠢᠯᠢ ᠶᠢᠨ ᠬᠤᠳᠠ ᠵᠡᠷᠬᠡ ᠭᠠᠵᠡᠷ ᠠᠴᠠ ᠴᠤ ᠵᠠᠬᠢᠶᠠᠯᠠᠭ᠎ᠠ ᠢᠷᠡᠳᠡᠭ ᠪᠤᠯᠤᠭᠰᠠᠨ ᠪᠠᠶᠢᠨ᠎ᠠ᠃ | 2020 ᠣᠨ ᠳᠤ ᠲᠡᠭᠦᠨ ᠤ ᠤᠷᠠᠯᠠᠭᠰᠠᠨ ︽ᠮᠣᠩᠭᠤᠯ ᠮᠥᠩᠭᠦᠨ ᠠᠶᠠᠭ᠎ᠠ︾ ᠪᠦᠲᠦᠭᠡᠯ ᠨᠢ ᠳᠤᠮᠳᠠᠳᠦ ᠤᠯᠤᠰ | ᠤᠨ ᠭᠠᠷ ᠤᠷᠠᠯᠠᠯ ᠤᠷᠠᠨ ᠵᠢᠷᠤᠭ ᠤᠨ ᠨᠡᠶᠢᠭᠡᠮᠯᠢᠭ ᠤᠨ ᠰᠢᠨ᠎ᠡ ᠶᠢ ᠡᠭᠦᠳᠬᠦ ᠪᠦᠲᠦᠭᠡᠯ ᠤᠨ ᠤᠷᠤᠯᠳᠤᠭᠠᠨ ᠳᠤ | ᠰᠣᠩᠭᠤᠭᠳᠠᠭᠰᠠᠨ ᠪᠥᠭᠡᠳ ᠮᠠᠰᠢ ᠰᠠᠶᠢᠨ ᠬᠢᠷᠢ ᠪᠦᠲᠦᠮᠵᠢ ᠤᠯᠵᠠᠢ᠃ ᠸᠴᠢᠷᠪᠠᠲᠦ ᠪᠠᠰᠠ ᠦᠪᠡᠷ ᠤᠨ ᠡᠨᠡᠬᠦ ᠣᠷ᠎ᠡ | ᠮᠡᠷᠬᠡᠵᠢᠯ ᠢᠶᠠᠨ ᠣᠯᠠᠮᠵᠢᠯᠠᠨ ᠲᠦᠬᠡᠬᠡᠬᠦ ᠠᠯᠣᠰ ᠤᠨ ᠵᠣᠷᠢᠯᠭ᠎ᠠ ᠲᠠᠢ ᠪᠠᠷ ᠭᠠᠷ ᠱᠠᠪᠢ ᠬᠦᠮᠣᠵᠢᠬᠦᠯᠣᠨ ᠢᠳᠡᠬᠡᠯ | ᠲᠡᠬᠦᠯᠳᠡᠷ ᠮᠡᠷᠡᠶᠢᠵᠣ ᠶᠠᠪᠣᠨ᠎ᠠ᠃ |