ᠢᠬᠢᠷ᠎ᠡ ᠠᠬ᠎ᠠ ᠲᠡᠬᠦᠦ ᠶᠢᠨ ᠴᠡᠷᠢᠭ ᠲᠤ ᠶᠠᠪᠤᠭᠰᠠᠨ ᠢᠬᠢᠷ᠎ᠡ ᠰᠤᠩᠭᠤᠯᠲᠠ
ᠨᠡᠶᠢᠲᠡᠯᠡᠭᠰᠡᠨ ᠴᠠᠭ᠄
2024/2/29
        ᠢᠬᠢᠷ᠎ᠡ ᠠᠬ᠎ᠠ ᠲᠡᠬᠦᠦ ᠶᠢᠨ ᠴᠡᠷᠢᠭ ᠲᠤ ᠶᠠᠪᠤᠭᠰᠠᠨ ᠢᠬᠢᠷ᠎ᠡ ᠰᠤᠩᠭᠤᠯᠲᠠ                                            ᠬᠠᠮ ᠵᠠᠭᠤᠴᠢᠯᠠᠭᠤᠷ ᠤᠨ ᠰᠤᠷᠪᠤᠯᠵᠢᠯᠠᠭᠴᠢ ᠲᠣᠷᠠᠨ᠎ᠠ ᠬᠠᠰᠪᠢᠯᠢᠭ᠌ᠡᠩᠬᠡ ᠶᠢᠨ ᠮᠠᠨᠠᠭᠠᠨ ᠳᠤ ᠡᠷᠡᠯᠬᠡᠭᠯᠡᠨ ᠵᠤᠭᠰᠤᠵᠤ᠂ ᠡᠬᠡ ᠤᠷᠤᠨ ᠤ ᠪᠠᠨ ᠳᠠᠶᠢᠴᠢᠨ ᠬᠠᠮᠠᠭᠠᠯᠠᠭᠴᠢ ᠪᠤᠯᠬᠤ ᠭᠠᠯ ᠵᠠᠯᠠᠭᠤ ᠨᠠᠰᠤᠨ ᠤ ᠪᠠᠨ ᠬᠦᠰᠡᠯᠡᠩ ᠢ ᠪᠡᠶᠡᠯᠡᠬᠦᠯᠵᠤ ᠶᠠᠪᠤᠭ᠎ᠠ ᠤᠶᠤᠲᠠᠨ ᠢᠬᠢᠷ᠎ᠡ ᠵᠠᠯᠠᠭᠤ ᠪᠤᠯ ᠬᠥᠪᠡᠭᠡᠲᠦ ᠰᠢᠷ᠎ᠠ ᠬᠤᠰᠢᠭᠤᠨ ᠤ ᠤᠩᠭᠤᠨ ᠠᠭᠤᠯᠠ ᠰᠣᠮᠣᠨ ᠤ ᠤᠩᠭᠤᠨ ᠨᠠᠭᠤᠷ ᠭᠠᠴᠠᠭᠠᠨ ᠤ ᠮᠠᠯᠴᠢᠨ ᠭᠡᠷᠡᠯᠳᠡᠭᠦᠰ ᠰᠠᠷᠠᠨ᠎ᠠ ᠶᠢᠨ ᠢᠬᠢᠷ᠎ᠡ ᠬᠦᠪᠡᠭᠦᠨ ᠨᠣᠮᠣᠴᠢᠨ ᠰᠣᠷᠴᠢᠨ ᠪᠣᠯᠣᠨ᠎ᠠ᠃ᠨᠣᠮᠣᠴᠢᠨ᠂ ᠰᠣᠷᠴᠢᠨ ᠤ ᠬᠢᠨ ᠳᠤ ᠬᠦᠷᠬᠦ ᠳᠤ ᠴᠡᠪᠡᠷ ᠳᠤᠬᠢᠯᠢᠭ ᠭᠡᠷ ᠬᠦᠷᠢᠶ᠎ᠡ᠂ ᠤᠳᠤ ᠴᠠᠭ ᠤᠨ ᠡᠳ᠋ᠯᠡᠯ ᠬᠡᠷᠡᠭᠰᠡᠯ ᠲᠠᠢ ᠮᠠᠯᠴᠢᠨ ᠠᠶᠢᠯ ᠬᠠᠷᠠᠴᠠ ᠶᠢ ᠳᠤᠯᠠᠭᠠᠯᠠᠨ ᠤᠭᠳᠤᠵᠤ᠂ ᠠᠪᠤ ᠡᠵᠢ ᠶᠢᠨ ᠬᠢᠨᠢ ᠵᠤᠴᠢᠨᠰᠠᠭ ᠰᠠᠶᠢᠬᠠᠨ ᠵᠠᠩ ᠠᠪᠤᠷᠢ᠂ ᠡᠭᠡᠯ ᠪᠤᠷᠤᠭᠵᠢᠭᠤᠨ ᠦᠭᠡ ᠶᠠᠷᠢᠶ᠎ᠠ ᠨᠢ ᠭᠡᠷ ᠲᠤ ᠪᠠᠨ ᠬᠠᠷᠢᠭᠰᠠᠨ ᠰᠢᠭ᠋ ᠪᠤᠳᠤᠯ ᠲᠦᠷᠦᠬᠦᠯᠦᠨ᠎ᠡ᠃ ᠨᠤᠮᠤ ᠰᠠᠭᠠᠳᠠᠭ ᠠᠭᠰᠠᠵᠤ ᠪᠠᠭᠠᠲᠤᠷ ᠪᠤᠯᠬᠤ ᠶᠢ ᠵᠦᠩᠨᠡᠨ ᠬᠠᠶᠢᠷᠠᠯᠠᠭᠰᠠᠨ ᠠᠭᠤᠯᠭ᠎ᠠ ᠲᠠᠢ ᠨᠡᠷ᠎ᠡ ᠠᠯᠳᠠᠷ ᠢᠶᠠᠨ ᠳᠡᠭᠡᠳᠦᠯᠡᠵᠤ ᠶᠠᠪᠤᠳᠠᠭ ᠠᠬ᠎ᠠ ᠳᠡᠬᠦᠦ ᠬᠤᠶᠠᠷ ᠴᠡᠷᠢᠭ ᠪᠤᠯᠬᠤ ᠬᠦᠰᠡᠯ ᠢᠶᠠᠨ ᠮᠠᠨᠠᠵᠤ ᠶᠠᠪᠤᠭᠰᠠᠭᠠᠷ᠂ 2021 ᠣᠨ ᠤ 9 ᠰᠠᠷ᠎ᠠ ᠳᠤ ᠥᠪᠥᠷ ᠮᠣᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠳᠤ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠲᠤᠰᠬᠠᠢ ᠮᠡᠷᠭᠡᠵᠢᠯ ᠢᠶᠠᠷ ᠰᠢᠯᠭᠠᠨ ᠤᠷᠤᠭᠠᠳ ᠪᠠᠶᠢᠭᠰᠠᠨ ᠳᠡᠭᠦᠦ ᠰᠣᠷᠴᠢᠨ ᠨᠢ ᠴᠡᠷᠢᠭ ᠲᠤ ᠤᠷᠤᠬᠤ ᠪᠠᠷ ᠡᠷᠡᠮᠠᠯᠵᠡᠯᠡᠨ ᠮᠠᠰᠢ ᠤᠷᠤᠭᠰᠢᠲᠠᠢ ᠪᠠᠷ ᠡᠯᠰᠡᠭᠳᠡᠵᠤ᠂ ᠬᠦᠰᠡᠨ ᠮᠦᠷᠦᠭᠡᠳᠦᠭᠰᠡᠭᠡᠷ ᠪᠠᠶᠢᠭᠰᠠᠨ ᠴᠡᠷᠢᠭ ᠪᠤᠯᠬᠤ ᠬᠦᠰᠡᠯᠡᠩ ᠢᠶᠠᠨ ᠪᠡᠶᠡᠯᠡᠬᠦᠯᠵᠤ᠂ ᠴᠢᠩᠭ᠎ᠠ ᠪᠣᠯᠪᠠᠰᠤᠷᠠᠯ ᠳᠤ ᠣᠷᠣᠯᠴᠠᠨ᠂ ᠬᠦᠰᠡᠯ ᠢᠶᠠᠷ ᠪᠢᠰᠢ ᠵᠤᠷᠢᠭ ᠢᠶᠠᠷ ᠪᠦᠲᠦᠭᠡᠳᠡᠭ ᠶᠤᠰᠤ ᠶᠢ ᠪᠠᠷᠢᠨ ᠴᠢᠷᠮᠠᠶᠢᠭᠰᠠᠨ ᠠᠴᠠ ︽ᠰᠢᠯᠢᠳᠡᠭ ᠰᠢᠨ᠎ᠡ ᠴᠡᠷᠢᠭ︾᠂ ︽ᠲᠦᠷᠪᠡ ᠶᠢ ᠪᠦᠷᠢᠳᠦᠭᠦᠯᠦᠭᠰᠡᠨ︾ ᠰᠢᠯᠢᠳᠡᠭ ᠪᠠᠶᠢᠯᠳᠤᠭᠴᠢ ᠪᠠᠷ ᠦᠨᠡᠯᠡᠭᠳᠡᠵᠣ᠂ ᠬᠤᠶᠠᠷ ᠵᠢᠯ ᠤᠨ ᠳᠤᠷᠰᠢ ᠡᠬᠦᠷᠭᠡ ᠬᠠᠷᠢᠭᠤᠴᠠᠯᠭ᠎ᠠ ᠪᠠᠨ ᠬᠢᠯᠠᠷᠠᠲᠠᠯ᠎ᠠ ᠪᠡᠶᠡᠯᠡᠬᠦᠯᠵᠤ᠂ 2023 ᠣᠨ ᠤ 10 ᠰᠠᠷ᠎ᠠ ᠳᠤ ᠰᠤᠷᠭᠠᠭᠤᠯᠢ ᠳᠤ ᠪᠠᠨ ᠪᠣᠴᠠᠵᠡᠢ᠃ ︽ᠦᠨᠳᠣᠷ ᠲᠣᠮᠳᠠᠳᠣ ᠳᠤ ᠰᠤᠷᠤᠯᠴᠠᠵᠤ ᠪᠠᠶᠢᠬᠤ ᠳᠤ ᠪᠠᠨ ᠴᠡᠷᠢᠭ ᠲᠤ ᠶᠠᠪᠤᠬᠤ ᠶᠢ ᠬᠦᠰᠡᠳᠡᠭ ᠪᠠᠶᠢᠭᠰᠠᠨ᠂ ᠴᠡᠷᠢᠭ ᠲᠤ ᠶᠠᠪᠤᠭᠰᠠᠨ ᠲᠠᠨᠢᠯ ᠬᠦᠮᠦᠰ ᠢ ᠪᠠᠭ᠋ᠠᠷᠬᠠᠳᠠᠭ ᠪᠠᠶᠢᠭᠰᠠᠨ᠃ ᠠᠩᠬ᠎ᠠ ᠤᠳᠠᠭ᠎ᠠ ᠭᠡᠷ ᠠᠴᠠ  ᠪᠠᠨ ᠡᠶᠢᠮᠦ ᠬᠤᠯᠠ ᠶᠠᠪᠤᠵᠤ ᠦᠵᠡᠯ᠎ᠡ︔ ᠡᠬᠢᠯᠡᠭᠡᠳ ᠭᠡᠷ ᠢᠶᠠᠨ ᠰᠠᠨᠠᠭᠰᠠᠨ︔ ᠴᠡᠷᠢᠭ ᠤᠨ ᠬᠦᠷᠢᠶᠠᠨ ᠤ ᠰᠠᠬᠢᠯᠭ᠎ᠠ ᠲᠦᠷᠢᠮ ᠴᠢᠩᠭ᠎ᠠ᠂ ᠪᠣᠯᠪᠠᠰᠣᠷᠠᠯ ᠴᠢᠩᠭ᠎ᠠ︔ ᠠᠩᠬ᠎ᠠ ᠣᠴᠢᠬᠰᠠᠨ ᠡᠬᠢᠨ ᠤ ᠬᠡᠳᠣᠨ ᠰᠡᠷ᠎ᠡ ᠬᠦᠴᠢᠷᠲᠠᠢ ᠰᠠᠨᠠᠬᠳᠠᠨ᠎ᠠ︔ ᠲᠡᠷᠡ ᠲᠠᠪᠠᠭ᠎ᠠ ᠪᠠᠨ ᠲᠠᠪᠠᠭᠠᠳ ᠭᠠᠷᠣᠬᠰᠠᠭᠠᠷ ᠲᠠᠶᠢᠮᠣ ᠬᠦᠴᠢᠷ ᠪᠢᠰᠢ︔ ᠪᠠᠶ᠎ᠡ ᠪᠠᠨ ᠴᠤ ᠪᠣᠯᠪᠠᠰᠣᠷᠠᠭᠤᠯᠴᠢᠬᠠᠨ᠎ᠠ᠂ ᠠᠷᠪᠢᠨ ᠬᠦᠮᠣᠨ ᠲᠠᠢ ᠲᠠᠨᠢᠯᠴᠠᠴᠢᠬᠠᠨ᠎ᠠ᠂ ᠦᠵᠡᠯ ᠰᠠᠨᠠᠭᠠᠨ ᠲᠡᠬᠡᠷ᠎ᠡ ᠴᠦ ᠬᠤᠪᠢᠷᠠᠯᠳᠠ ᠭᠠᠷᠴᠢᠬᠠᠨ᠎ᠠ︾ ᠭᠡᠵᠤ ᠰᠣᠷᠴᠢᠨ ᠶᠠᠷᠢᠯ᠎ᠠ᠃ᠴᠡᠷᠢᠭ ᠪᠤᠯᠬᠤ ᠠᠳᠠᠯᠢᠬᠠᠨ ᠬᠦᠰᠡᠯ ᠮᠦᠷᠦᠭᠡᠳᠦᠯ ᠲᠠᠢ ᠠᠬ᠎ᠠ ᠨᠣᠮᠣᠴᠢᠨ ᠨᠢ ᠳᠡᠬᠦᠦ ᠪᠠᠨ ᠴᠡᠷᠢᠭ ᠲᠤ ᠶᠠᠪᠤᠭᠰᠠᠨ  ᠤ ᠳᠠᠷᠠᠭ᠎ᠠ ᠪᠦᠷ ᠴᠤ ᠰᠠᠭᠤᠭᠠᠳ ᠳᠤᠭᠳᠠᠬᠤ ᠦᠭᠡᠢ ᠪᠤᠯᠪᠠ᠃ ᠰᠢᠯᠢ ᠶᠢᠨ ᠭᠤᠣᠯ ᠠᠶᠢᠮᠠᠭ ᠤᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠠᠴᠠ ᠲᠡᠭᠦᠰᠦᠭᠰᠡᠨ ᠤ ᠳᠠᠷᠠᠭ᠎ᠠ ᠨᠣᠮᠣᠴᠢᠨ 2023 ᠣᠨ ᠤ 3 ᠰᠠᠷ᠎ᠠ ᠳᠤ ᠴᠡᠷᠢᠭ ᠲᠤ ᠣᠷᠣᠵᠣ᠂ ᠳᠡᠬᠦᠦ ᠠᠴᠠ ᠪᠠᠨ ᠰᠤᠨᠤᠰᠳᠠᠭ ᠪᠠᠶᠢᠭᠰᠠᠨ ᠴᠡᠷᠢᠭ ᠤᠨ ᠠᠮᠢᠳᠤᠷᠠᠯ ᠢ ᠪᠡᠶ᠎ᠡ ᠪᠠᠷ ᠢᠶᠠᠨ ᠦᠩᠭᠡᠷᠡᠬᠦᠯᠵᠤ᠂ ᠳᠤᠳᠤᠷ᠎ᠠ ᠪᠠᠨ ᠪᠤᠳᠤᠵᠤ ᠶᠠᠪᠤᠳᠠᠭ ᠬᠦᠰᠡᠯᠡᠩ ᠢᠶᠠᠨ ᠪᠡᠶᠡᠯᠡᠬᠦᠯᠵᠤ ᠶᠠᠪᠤᠨ᠎ᠠ᠃ ᠬᠤᠶᠠᠷ ᠬᠦᠦ  ᠪᠠᠨ ᠪᠦᠷ ᠴᠡᠷᠢᠭ ᠲᠤ ᠶᠠᠪᠤᠭᠤᠯᠤᠭᠠᠳ ᠰᠠᠨᠠᠵᠤ ᠠᠯᠠᠭᠠᠰᠴᠤ ᠪᠠᠶᠢᠭᠰᠠᠨ ᠠᠪᠤ ᠡᠵᠢ ᠨᠢ ᠴᠤ ᠦᠪᠡᠷ ᠤᠨ ᠳᠤᠷᠠᠲᠠᠢ ᠵᠦᠢᠯ ᠢᠶᠠᠨ ᠬᠦᠭᠡᠭᠡᠴᠡᠯᠳᠦᠵᠤ ᠶᠠᠪᠤᠭ᠎ᠠ ᠦᠷ᠎ᠡ ᠬᠡᠤᠬᠡᠳ ᠢᠶᠠᠨ ᠪᠤᠳᠤᠬᠤ ᠪᠠᠷ ᠪᠡᠶ᠎ᠡ ᠪᠡᠶᠡᠰ ᠢᠶᠠᠨ ᠲᠠᠶᠢᠳᠬᠤᠷᠠᠭᠤᠯᠵᠤ᠂ ᠤᠮᠤᠭᠰᠢᠯ ᠪᠠᠭ᠋ᠠᠳᠤᠯ ᠳᠦᠬᠦᠷᠡᠩ ᠰᠠᠨᠠᠭᠳᠠᠳᠠᠭ ᠪᠤᠯᠤᠭᠰᠠᠨ ᠪᠠᠶᠢᠨ᠎ᠠ᠃ ᠡᠬᠡ ᠤᠷᠤᠨ ᠤ ᠪᠠᠨ ᠡᠩᠬᠡ ᠶᠢᠨ ᠮᠠᠨᠠᠭᠠᠨ ᠳᠤ ᠬᠦᠴᠦ ᠬᠦᠳᠡᠯᠮᠦᠷᠢ ᠪᠠᠨ ᠡᠷᠬᠦᠭᠰᠡᠨ ᠡᠨᠡᠬᠦ ᠭᠡᠷ ᠪᠦᠯᠢ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠠᠴᠠ ︽ᠢᠷᠠᠭᠤ ᠠᠯᠳᠠᠷᠲᠤ ᠭᠡᠷ ᠪᠦᠯᠢ︾ ᠶᠢᠨ ᠢᠷᠠᠭᠤ ᠠᠯᠳᠠᠷ ᠢ ᠬᠦᠷᠲᠡᠭᠡᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号