ᠮᠠᠯᠴᠢᠨ ᠡᠷᠦᠬᠡ ᠬᠤᠯᠪᠤᠭᠠᠯᠠᠨ ᠡᠪᠡᠰᠦᠨ ᠲᠡᠵᠢᠭᠡᠯ ᠦᠢᠯᠡᠳᠪᠦᠷᠢᠯᠡᠨ ᠠᠰᠢᠭ ᠬᠦᠷᠲᠡᠵᠤ ᠪᠠᠶᠢᠨ᠎ᠠ
ᠨᠡᠶᠢᠲᠡᠯᠡᠭᠰᠡᠨ ᠴᠠᠭ᠄
2024/3/12
     ᠮᠠᠯᠴᠢᠨ ᠡᠷᠦᠬᠡ ᠬᠤᠯᠪᠤᠭᠠᠯᠠᠨ᠂ ᠡᠪᠡᠰᠦᠨ ᠲᠡᠵᠢᠭᠡᠯ ᠨᠠᠶᠢᠷᠠᠯᠠᠭᠤᠯᠵᠤ᠂ ᠡᠪᠡᠰᠦ ᠪᠤᠷᠳᠤᠭᠠᠨ ᠤ ᠦᠪᠡᠷ ᠤᠨ ᠦᠷᠲᠡᠭ ᠢ ᠪᠠᠭᠤᠷᠠᠭᠤᠯᠵᠤ᠂ ᠦᠷ᠎ᠡ ᠠᠰᠢᠭ ᠬᠦᠷᠲᠡᠵᠤ ᠪᠠᠶᠢᠭ᠎ᠠ ᠬᠠᠯᠠᠭᠤᠨ ᠴᠢᠮᠡᠭᠡ ᠪᠠᠷ 3 ᠰᠠᠷ᠎ᠠ ᠶᠢᠨ 5 ᠤ ᠡᠳᠦᠷ᠂ ᠰᠤᠷᠪᠤᠯᠵᠢᠯᠠᠭᠴᠢ ᠬᠤᠨᠢᠴᠢᠨ ᠬᠠᠰᠢᠶᠠᠲᠦ ᠭᠠᠴᠠᠭᠠᠨ ᠤ ︽ᠬᠦᠴᠦ︾ ᠠᠮᠢᠳᠦ ᠪᠤᠳᠠᠰᠲᠦ ᠰᠢᠮ᠎ᠡ ᠪᠦᠷᠢᠨ ᠡᠪᠡᠰᠦᠨ ᠲᠡᠵᠢᠭᠡᠯ ᠤᠨ ᠦᠢᠯᠡᠳᠪᠦᠷᠢ ᠳᠤ ᠬᠦᠷᠬᠦ ᠳᠤ ᠮᠠᠰᠢᠨ ᠲᠤᠨᠤᠭ ᠬᠦᠷᠴᠢᠬᠢᠨᠡᠨ ᠠᠵᠢᠯᠯᠠᠵᠤ᠂ ᠮᠠᠯᠴᠢᠳ ᠦᠪᠡᠷ ᠦᠪᠡᠷ ᠤᠨ ᠠᠵᠢᠯ ᠤᠨ ᠪᠠᠶᠢᠷᠢᠨ ᠳᠤ ᠪᠠᠨ ᠶᠠᠭᠠᠷᠠᠯᠳᠤᠨ᠂ ᠰᠦᠯᠢᠶᠤᠤ ᠪᠦᠷᠬᠦᠪᠴᠢ ᠳᠤ ᠪᠠᠭᠯᠠᠭᠳᠠᠭᠰᠠᠨ ᠡᠪᠡᠰᠦᠨ ᠲᠡᠵᠢᠭᠡᠯ ᠢ ᠳᠠᠰᠤᠷᠠᠯᠲᠠ ᠦᠭᠡᠢ ᠵᠦᠭᠡᠭᠡᠪᠦᠷᠢᠯᠡᠨ ᠬᠤᠷᠢᠶᠠᠵᠤ ᠪᠠᠶᠢᠯ᠎ᠠ᠃     ︽ᠬᠦᠴᠦ︾ ᠠᠮᠢᠳᠦ ᠪᠤᠳᠠᠰᠲᠦ ᠰᠢᠮ᠎ᠡ ᠪᠦᠷᠢᠨ ᠡᠪᠡᠰᠦᠨ ᠲᠡᠵᠢᠭᠡᠯ ᠤᠨ ᠦᠢᠯᠡᠳᠪᠦᠷᠢ ᠪᠤᠯ ᠲᠦᠷᠦᠬᠦᠦ ᠵᠢᠯ  ᠤᠨ 10 ᠰᠠᠷ᠎ᠠ ᠳᠤ ᠬᠦᠪᠡᠭᠡᠲᠦ ᠰᠢᠷ᠎ᠠ ᠬᠤᠰᠢᠭᠤᠨ ᠤ ᠬᠤᠨᠢᠴᠢᠨ ᠬᠠᠰᠢᠶᠠᠲᠦ ᠭᠠᠴᠠᠭᠠᠨ ᠤ ᠪᠦᠷᠢᠨᠪᠡᠭᠠᠳᠣᠷ᠂ ᠡᠷᠳᠡᠨᠢᠰᠣᠶᠣᠯ᠂ ᠲᠠᠪᠰᠢᠯᠳᠣ᠂ ᠵᠢᠷᠭᠠᠯᠳᠣ᠂ ᠪᠦᠷᠢᠨᠪᠠᠶᠠᠷ᠂ ᠹᠦ᠋ ᠼᠠᠢ ᠵᠡᠷᠬᠡ ᠵᠢᠷᠭᠤᠭᠠᠨ ᠮᠠᠯᠴᠢᠨ ᠡᠷᠣᠬᠡ ᠬᠤᠯᠪᠤᠭᠠᠯᠠᠨ ᠭᠠᠴᠠᠭᠠᠨ ᠤ ᠪᠠᠨ 300 ᠭᠠᠷᠣᠢ ᠲᠡᠭᠰᠢ ᠲᠦᠷᠪᠡᠯᠵᠢᠨ ᠮᠧᠲᠷ ᠤᠨ ᠲᠠᠯᠠᠪᠠᠢ ᠲᠠᠢ ᠡᠪᠡᠰᠣᠨ ᠫᠧᠩ ᠢ ᠲᠦᠷᠢᠶᠡᠰᠦᠯᠡᠨ᠂ ᠮᠠᠰᠢᠨ ᠲᠦᠭᠦᠭᠡᠷᠦᠮᠵᠢ ᠣᠷᠣᠭᠤᠯᠵᠦ ᠪᠠᠶᠢᠭᠤᠯᠤᠭᠰᠠᠨ ᠡᠪᠡᠰᠦᠨ ᠲᠡᠵᠢᠭᠡᠯ ᠤᠨ ᠦᠢᠯᠡᠳᠪᠦᠷᠢ ᠪᠤᠯᠤᠨ᠎ᠠ᠃ ᠲᠤᠰ ᠡᠪᠡᠰᠦᠨ ᠲᠡᠵᠢᠭᠡᠯ ᠨᠢ ᠮᠠᠯ ᠤᠨ ᠲᠠᠷᠭᠤ ᠬᠦᠴᠦ ᠶᠢ ᠰᠠᠶᠢᠵᠢᠷᠠᠭᠤᠯᠬᠤ ᠳᠤ ᠱᠠᠭᠠᠷᠳᠠᠭᠳᠠᠬᠤ ᠠᠰᠢᠭᠲᠦ ᠪᠠᠺᠲ᠋ᠧᠷᠢ᠂ ᠸᠢᠲ᠋ᠠᠮᠢᠨ᠂ ᠡᠷᠦᠳᠡᠰᠦ ᠪᠤᠳᠠᠰ ᠢ ᠠᠭᠤᠯᠤᠭᠰᠠᠨ ᠬᠦᠬᠡ ᠡᠪᠡᠰᠦ᠂ ᠨᠤᠭᠤᠭᠠᠨ ᠳᠠᠷᠤᠰᠢ᠂ ᠴᠠᠷᠭᠠᠰᠤ᠂ ᠶᠤᠤᠮᠠᠢ᠂ ᠬᠠᠷᠭᠠᠨ᠎ᠠ ᠶᠢᠨ ᠨᠤᠨᠳᠠᠭ᠂ ᠡᠷᠳᠡᠨᠢ ᠰᠢᠰᠢ᠂ ᠰᠢᠷ᠎ᠠ ᠯᠤᠤᠪᠠᠩ ᠵᠡᠷᠭᠡ ᠤᠯᠠᠨ ᠲᠦᠷᠦᠯ ᠤᠨ ᠲᠡᠵᠢᠭᠡᠯ ᠢ ᠰᠢᠨᠵᠢᠯᠡᠬᠦ ᠤᠬᠠᠭᠠᠨᠴᠢ ᠪᠠᠷ ᠬᠤᠯᠢᠵᠤ ᠨᠠᠶᠢᠷᠠᠯᠠᠭᠤᠯᠵᠠᠢ᠃ ︽ᠡᠨᠡᠬᠦ ᠡᠪᠡᠰᠦᠨ ᠲᠡᠵᠢᠭᠡᠯ ᠢ ᠵᠠᠷᠤᠬᠤ ᠨᠢ ᠪᠤᠷᠳᠤᠭᠤᠷ ᠡᠪᠡᠰᠦ ᠬᠤᠳᠠᠯᠳᠤᠨ ᠠᠪᠴᠦ ᠲᠡᠵᠢᠭᠡᠬᠦ ᠶᠢ ᠪᠤᠳᠤᠪᠡᠯ ᠬᠢᠮᠲᠠ ᠮᠦᠷᠲᠡᠭᠡᠨ ᠦᠷ᠎ᠡ ᠠᠰᠢᠭ ᠢᠶᠠᠷ ᠰᠠᠶᠢᠨ︔ ᠤᠳᠤᠬᠠᠨ ᠪᠤᠯᠲᠠᠯ᠎ᠠ ᠲᠡᠵᠢᠭᠡᠭᠰᠡᠨ ᠪᠠᠶᠢᠳᠠᠯ ᠠᠴᠠ ᠦᠵᠡᠪᠡᠯ ᠲᠦᠯᠯᠡᠭᠰᠡᠨ ᠮᠠᠯ ᠰᠦ ᠰᠠᠶᠢᠨ᠂ ᠲᠠᠷᠭᠤ ᠬᠦᠴᠦ ᠰᠠᠶᠢᠨ ᠪᠠᠶᠢᠨ᠎ᠠ︔ ᠵᠠᠷᠤᠵᠤ ᠦᠵᠡᠭᠰᠡᠨ ᠮᠠᠯᠴᠢᠨ ᠡᠷᠦᠬᠡ ᠴᠤ ᠦᠷ᠎ᠡ ᠠᠰᠢᠭ ᠢᠶᠠᠷ ᠰᠠᠶᠢᠨ ᠪᠠᠶᠢᠨ᠎ᠠ ᠭᠡᠵᠤ ᠳᠤᠰᠬᠠᠵᠤ ᠪᠠᠶᠢᠨ᠎ᠠ︔ ᠪᠠᠶᠢᠴᠠᠭᠠᠯᠲᠠ ᠶᠢ ᠦᠨᠳᠦᠰᠦᠯᠡᠪᠡᠯ ᠡᠨᠡᠬᠦ ᠡᠪᠡᠰᠦᠨ ᠲᠡᠵᠢᠭᠡᠯ ᠤᠨ ᠤᠭᠤᠷᠠᠭ ᠠᠭᠤᠯᠤᠭᠰᠠᠨ ᠬᠡᠮᠵᠢᠶ᠎ᠡ 13% ᠳᠤ ᠬᠦᠷᠦᠭᠰᠡᠨ ᠪᠠᠶᠢᠨ᠎ᠠ︾ ᠭᠡᠵᠤ ᠦᠢᠯᠡᠳᠪᠦᠷᠢ ᠶᠢᠨ ᠬᠠᠷᠢᠭᠤᠴᠠᠯᠭᠠᠲᠠᠨ ᠪᠦᠷᠢᠨᠪᠠᠭᠠᠲᠤᠷ ᠶᠠᠷᠢᠯ᠎ᠠ᠃     ᠲᠤᠰ ᠦᠢᠯᠡᠳᠪᠦᠷᠢ ᠨᠢ ᠪᠠᠶᠢᠭᠤᠯᠤᠭᠳᠠᠭᠰᠠᠨ ᠠᠴᠠ ᠨᠠᠭᠠᠰᠢ 500 ᠰᠢᠬᠠᠮ ᠲᠤᠨ ᠡᠪᠡᠰᠦᠨ ᠲᠡᠵᠢᠭᠡᠯ ᠦᠢᠯᠡᠳᠪᠦᠷᠢᠯᠡᠵᠤ᠂ ᠤᠯᠠᠩᠬᠢ ᠶᠢ ᠨᠢ ᠵᠢᠷᠭᠤᠭᠠᠨ ᠮᠠᠯᠴᠢᠨ ᠠᠶᠢᠯ ᠦᠪᠡᠷᠳᠡᠭᠡᠨ ᠮᠠᠯᠵᠢᠬᠤ ᠦᠢᠯᠡᠳᠪᠦᠷᠢᠯᠡᠯ ᠳᠤ  ᠪᠠᠨ ᠵᠠᠷᠤᠴᠠᠭᠤᠯᠤᠭᠰᠠᠨ ᠠᠴᠠ ᠭᠠᠳᠠᠨ᠎ᠠ ᠤᠶᠢᠷ᠎ᠠ ᠬᠠᠪᠢ ᠶᠢᠨ ᠮᠠᠯᠴᠢᠳ ᠴᠤ ᠲᠤᠨ ᠪᠦᠷᠢ ᠶᠢ 1650 ᠲᠦᠬᠦᠷᠢᠭ  ᠢᠶᠠᠷ ᠬᠤᠳᠠᠯᠳᠤᠨ ᠠᠪᠴᠦ ᠬᠡᠷᠡᠭᠯᠡᠵᠤ ᠪᠠᠶᠢᠭ᠎ᠠ ᠶᠤᠮ᠃ ᠦᠢᠯᠡᠳᠪᠦᠷᠢ ᠨᠢ ᠪᠠᠰᠠ ︽ᠳᠤᠮᠳᠠᠳᠦ ᠤᠯᠤᠰ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠠᠵᠤ ᠦᠢᠯᠡᠰᠵᠢᠬᠦᠯᠦᠯᠲᠡ ᠶᠢ ᠠᠬᠢᠭᠤᠯᠬᠤ ᠡᠪᠯᠡᠯ︾ ᠤᠨ ᠬᠡᠰᠢᠬᠦᠨ ᠺᠤᠮᠫᠠᠨᠢ ᠪᠤᠯᠬᠤ ︽ᠡᠷᠴᠢ︾ ᠺᠤᠮᠫᠠᠨᠢ ᠶᠢᠨ ᠬᠠᠮᠢᠶ᠎ᠠ ᠪᠦᠬᠦᠢ ᠮᠡᠷᠭᠡᠵᠢᠯ ᠤᠨ ᠵᠢᠯᠤᠭᠤᠳᠤᠯᠭ᠎ᠠ ᠶᠢ ᠬᠦᠯᠢᠶᠡᠨ᠂ ᠪᠦᠲᠦᠭᠡᠭᠳᠡᠬᠦᠨ ᠢᠶᠠᠨ ᠤᠯᠠᠮ ᠴᠢᠨᠠᠷᠵᠢᠭᠤᠯᠤᠨ ᠰᠠᠶᠢᠵᠢᠷᠠᠭᠤᠯᠵᠤ ᠪᠠᠶᠢᠨ᠎ᠠ᠃ ︽ᠡᠪᠡᠰᠦ ᠪᠤᠷᠳᠤᠭᠤᠷ ᠢ ᠨᠠᠶᠢᠷᠠᠯᠠᠭᠤᠯᠵᠤ ᠦᠢᠯᠡᠳᠪᠦᠷᠢᠯᠡᠭᠰᠡᠨ ᠪᠤᠯᠬᠤᠷ ᠡᠨᠡᠬᠦ ᠡᠪᠡᠰᠦᠨ ᠲᠡᠵᠢᠭᠡᠯ ᠢ ᠵᠠᠷᠤᠬᠤ ᠨᠢ ᠬᠦᠴᠦᠨ ᠳᠤ ᠠᠷᠪᠢᠲᠠᠢ᠂ ᠨᠢᠭᠡᠯᠡ ᠲᠡᠵᠢᠭᠡᠪᠡᠯ ᠪᠤᠯᠴᠢᠬᠠᠨ᠎ᠠ︔ ᠤᠳᠤᠬᠠᠨ ᠳᠤ ᠮᠠᠯᠴᠢᠨ ᠡᠷᠦᠬᠡ ᠶᠢᠨ ᠵᠠᠬᠢᠶᠠᠯᠠᠭ᠎ᠠ ᠶᠢ ᠳᠤᠰᠤᠭᠠᠳ ᠡᠬᠢᠯᠡᠭᠰᠡᠨ ︾ ᠭᠡᠵᠤ ᠦᠢᠯᠡᠳᠪᠦᠷᠢ ᠶᠢᠨ ᠬᠠᠷᠢᠭᠤᠴᠠᠯᠭᠠᠲᠠᠨ ᠳᠠᠪᠰᠢᠯᠲᠦ ᠶᠠᠷᠢᠯ᠎ᠠ᠃ ︽ᠡᠨᠡ ᠵᠢᠯ ᠲᠤᠰ ᠡᠪᠡᠰᠦᠨ ᠲᠡᠵᠢᠭᠡᠯ ᠢ ᠠᠷᠪᠠᠭᠠᠳ ᠲᠤᠨ ᠵᠠᠷᠤᠭᠰᠠᠨ︔ ᠬᠠᠰᠢᠶᠠᠯᠠᠭ᠎ᠠ ᠳᠠᠭᠤᠰᠲᠠᠯ᠎ᠠ ᠪᠠᠰᠠ ᠠᠷᠪᠠᠨ ᠬᠡᠳᠦᠨ ᠲᠤᠨ ᠵᠠᠷᠤᠨ᠎ᠠ︔ ᠡᠳᠦᠷ ᠲᠤ ᠨᠢᠭᠡ ᠦᠭᠡᠷ ᠠᠴᠠ ᠳᠦᠷᠪᠡᠨ ᠵᠢᠩ ᠪᠤᠷᠳᠤᠭᠤᠷ ᠤᠨ ᠮᠦᠩᠬᠦ ᠠᠷᠪᠢᠯᠠᠭᠰᠠᠨ︔ ᠡᠪᠡᠰᠦᠨ ᠲᠡᠵᠢᠭᠡᠯ ᠠᠪᠤᠪᠠᠯ ᠭᠡᠷ  ᠤᠨ ᠡᠬᠦᠳᠡᠨ ᠳᠤ ᠦᠨ᠎ᠡ ᠲᠦᠯᠦᠪᠦᠷᠢ ᠦᠭᠡᠢ ᠬᠦᠷᠭᠡᠨ ᠢᠷᠡᠵᠤ᠂ ᠪᠠᠭᠤᠯᠭᠠᠨ ᠬᠤᠷᠢᠶᠠᠵᠤ ᠦᠭᠳᠡᠭ︾ ᠭᠡᠵᠤ ᠮᠠᠯᠴᠢᠨ ᠰᠤᠶᠤᠯᠲᠦ ᠶᠠᠷᠢᠯ᠎ᠠ᠃     ᠤᠷᠴᠢᠮᠬᠠᠨ ᠬᠤᠨᠢᠴᠢᠨ ᠬᠠᠰᠢᠶᠠᠲᠦ ᠭᠠᠴᠠᠭᠠᠨ ᠤ ︽ᠬᠦᠴᠦ︾ ᠺᠤᠮᠫᠠᠨᠢ ᠨᠢ ᠠᠮᠢᠳᠦ ᠪᠤᠳᠠᠰᠲᠦ ᠰᠢᠮ᠎ᠡ ᠪᠦᠷᠢᠨ ᠡᠪᠡᠰᠦᠨ ᠲᠡᠵᠢᠭᠡᠯ ᠦᠢᠯᠡᠳᠪᠦᠷᠢᠯᠡᠬᠦ ᠬᠤᠷᠰᠢᠶᠠᠵᠢᠯ ᠢᠶᠠᠨ ᠠᠮᠵᠢᠯᠲᠠ ᠲᠠᠢ ᠪᠠᠶᠢᠭᠤᠯᠵᠤ᠂ ᠨᠡᠩ ᠤᠯᠠᠨ ᠮᠠᠯᠴᠢᠨ ᠡᠷᠦᠬᠡ ᠶᠢ ᠡᠪᠡᠰᠦᠨ ᠲᠡᠵᠢᠭᠡᠯ ᠦᠢᠯᠡᠳᠪᠦᠷᠢᠯᠡᠬᠦ ᠠᠵᠢᠯ ᠳᠤ ᠤᠷᠤᠯᠴᠠᠭᠤᠯᠬᠤ ᠠᠩᠬᠠᠨ ᠤ ᠠᠯᠬᠤᠮ ᠢᠶᠠᠨ ᠠᠯᠬᠤᠵᠤ᠂ ᠦᠢᠯᠡᠳᠪᠦᠷᠢ ᠶᠢᠨ ᠬᠦᠷᠢᠶ᠎ᠡ ᠬᠡᠪᠴᠢᠶ᠎ᠡ ᠶᠢ ᠤᠯᠠᠮ ᠨᠢᠭᠡ ᠠᠯᠬᠤᠮ ᠦᠷᠭᠡᠳᠬᠡᠬᠦ ᠳᠤ ᠠᠰᠢᠭᠲᠠᠢ ᠰᠠᠭᠤᠷᠢ ᠶᠢ ᠲᠠᠯᠪᠢᠭᠰᠠᠨ ᠪᠠᠶᠢᠨ᠎ᠠ᠃ 
 
ᠢᠷᠡᠯᠲᠡ᠄ ᠬᠥᠪᠡᠭᠡᠲᠦ ᠰᠢᠷ᠎ᠠ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号