ᠤᠯᠠᠭᠠᠨᠬᠠᠳᠠ ᠠᠴᠠ ᠪᠤᠭᠤᠲᠤ ᠳᠤ ᠬᠦᠷᠬᠦ ᠭᠠᠯᠲᠤ ᠲᠡᠷᠭᠡᠨ ᠳᠡᠭᠡᠷ᠎ᠡ᠂ ᠨᠢᠭᠡᠨ ᠡᠷᠡᠭᠲᠡᠢ ᠨᠢᠭᠡ ᠴᠠᠭ ᠪᠣᠯᠣᠯ ᠦᠭᠡᠢ ᠪᠠᠷ 29 ᠲᠦᠮᠡᠨ ᠲᠦᠭᠦᠷᠢᠭ ᠮᠡᠬᠡᠯᠡᠭᠳᠡᠵᠡᠢ︕
ᠨᠡᠶᠢᠲᠡᠯᠡᠭᠰᠡᠨ ᠴᠠᠭ᠄
2024/3/20
           ᠤᠯᠠᠭᠠᠨᠬᠠᠳᠠ ᠠᠴᠠ ᠪᠤᠭᠤᠲᠤ ᠳᠤ ᠬᠦᠷᠬᠦ ᠭᠠᠯᠲᠤ ᠲᠡᠷᠭᠡᠨ ᠳᠡᠭᠡᠷ᠎ᠡ᠂ ᠨᠢᠭᠡᠨ ᠡᠷᠡᠭᠲᠡᠢ ᠨᠢᠭᠡ ᠴᠠᠭ ᠪᠣᠯᠣᠯ ᠦᠭᠡᠢ ᠪᠠᠷ 29 ᠲᠦᠮᠡᠨ ᠲᠦᠭᠦᠷᠢᠭ ᠮᠡᠬᠡᠯᠡᠭᠳᠡᠵᠡᠢ︕           ᠣᠶᠢᠷ᠎ᠠ ᠳᠤ᠂ ᠪᠤᠭᠤᠲᠤ ᠶᠢᠨ ᠲᠡᠮᠦᠷ ᠵᠠᠮ ᠤᠨ ᠴᠠᠭᠳᠠᠭᠠᠨ ᠤ ᠲᠠᠯ᠎ᠠ ᠶᠢᠨ ᠎ ᠬᠢᠨ  ︽ᠨᠠᠶᠢᠵᠠᠯᠠᠵᠤ  ᠪᠣᠯᠵᠣᠬᠤ︾  ᠪᠡᠷ‌ᠥᠭᠶᠥᠭᠡ ᠪᠣᠯᠭᠠᠭᠰᠠᠨ ᠴᠠᠬᠢᠯᠭᠠᠨ  ᠬᠤᠯᠪᠣᠭ᠎ᠠ  ᠰᠦᠯᠵᠢᠶᠡᠨ ᠤ  ᠮᠡᠬᠡᠯᠡᠯ ᠤᠨ  ᠬᠡᠷᠡᠭ ᠢ  ᠠᠮᠵᠢᠯᠲᠠᠲᠠᠢ  ᠢᠯᠡᠷᠡᠭᠦᠯᠵᠦ᠂  ᠡᠯ᠎ᠡ‌‍ᠲ᠋ᠥ᠋ᠷᠥᠯ ᠤᠨ ᠬᠠᠤᠯᠢ ᠶᠢ ᠵᠥᠷᠢᠴᠡᠵᠦ ᠶᠠᠯ᠎ᠠ ᠬᠢᠭᠰᠡᠨ ᠰᠡᠵᠢᠭᠲᠡᠨ ᠢ 40᠎ ᠶᠢ ᠪᠠᠷᠢᠪᠴᠢᠯᠠᠪᠠ᠃                   2023 ᠣᠨ ᠤ ᠡᠬᠢᠨ ᠳᠤ᠂ ᠥᠪᠥᠷ ᠮᠣᠩᠭᠤᠯ ᠤᠨ ᠤᠯᠠᠭᠠᠨᠬᠠᠳᠠ ᠠᠴᠠ ᠪᠤᠭᠤᠲᠤ ᠬᠦᠷᠬᠦ K(ᠬᠤᠷᠳᠤᠨ) 898ᠵᠢᠰᠢᠶᠠᠨ ᠤ ᠭᠠᠯᠲᠤ ᠲᠡᠷᠭᠡᠨ ᠳᠡᠭᠡᠷ᠎ᠡ᠂ ᠬᠢᠳᠡᠯ ᠠᠯᠳᠠᠭᠰᠠᠨ ᠰᠢᠶᠣᠣ ᠴᠧᠨ ᠨᠢᠭᠡᠨ ︽ᠨᠠᠶᠢᠵᠠᠯᠠᠬᠤ︾  ᠰᠦᠯᠵᠢᠶ᠎ᠡ ᠳᠤ  ᠭᠠᠷᠴᠤ᠂ᠲᠣᠭᠲᠠᠭᠰᠠᠨ ᠬᠡᠷᠡᠭᠯᠡᠭᠡᠨ ᠤ ᠵᠥᠭᠡᠯᠡᠨ ᠲᠤᠨᠤᠭ ᠢ ᠠᠯᠬᠤᠮ ᠲᠠᠷᠠᠭ᠎ᠠ ᠲᠠᠢ ᠪᠠᠷ ᠤᠭᠰᠠᠷᠠᠨ ᠠᠪᠴᠠᠢ᠂  ᠵᠥᠭᠡᠯᠡᠨ  ᠲᠤᠨᠤᠭ ᠲᠠᠬᠢ‌ᠭᠤᠶᠤ ᠬᠡᠦᠬᠡᠨ ᠰᠢᠶᠣᠣ ᠴᠧᠨ ᠤ ᠨᠢᠳᠦ ᠶᠢ ᠡᠷᠢᠶᠡᠯᠵᠡᠭᠦᠯᠦᠭᠰᠡᠨ ᠳᠤ ᠲᠡᠷᠡ ᠤᠳᠠᠯ ᠦᠭᠡᠢ ᠵᠥᠭᠡᠯᠡᠨ ᠲᠣᠨᠤᠭ ᠤᠷᠤᠭᠤ ᠮᠦᠩᠭᠦ‌ᠣᠷᠤᠭᠤᠯᠵᠤ᠂ ︽ᠳᠠᠭᠢᠨᠢ ᠮᠡᠲᠦ ᠬᠡᠥᠬᠡᠨ︾᠎ ᠲᠠᠢ ᠠᠭᠤᠯᠵᠠᠵᠤ ᠪᠣᠯᠵᠣᠬᠤ ᠶᠢ ᠬᠦᠰᠡᠨ ᠬᠦᠯᠢᠶᠡᠪᠡ᠂ ᠤᠳᠠᠯ ᠦᠭᠡᠢ ᠰᠢᠶᠣᠣ ᠴᠧᠨ‌ᠡᠨᠡ ᠬᠢᠳᠡᠯ ᠳᠤ ᠪᠠᠨ ᠶᠡᠬᠡᠳᠡ ᠬᠠᠷᠠᠮᠰᠠᠪᠠ᠃                  ᠪᠤᠭᠤᠲᠤ ᠶᠢᠨ ᠲᠡᠮᠦᠷ ᠵᠠᠮ ᠤᠨ ᠳᠣᠲᠣᠭᠠᠳᠤ ᠶᠢ ᠬᠠᠮᠠᠭᠠᠯᠠᠬᠤ ᠭᠠᠵᠠᠷ ᠤᠨ  ᠡᠷᠡᠭᠦᠦ ᠶᠢᠨ  ᠴᠠᠭᠳᠠᠭ᠎ᠠ ᠶᠢᠨ  ᠰᠠᠯᠪᠤᠷᠢ‌ᠠᠩᠭᠢ ᠶᠢᠨ ᠠᠷᠠᠳ ᠤᠨ ᠴᠠᠭᠳᠠᠭ᠎ᠠ ᠯᠢᠦ ᠴᠢᠶᠠᠩ ᠲᠠᠨᠢᠯᠴᠠᠭᠤᠯᠬᠤ ᠳᠤ ᠪᠠᠨ᠄ ᠬᠤᠬᠢᠷᠠᠯ ᠠᠮᠰᠠᠭᠴᠢ ᠴᠧᠨ ᠠᠪᠤᠭᠠᠢ ᠠᠭᠤᠯᠵᠠᠵᠤ‌‍ᠪᠣᠯᠵᠣᠬᠤ ᠶᠢᠨ ᠲᠥᠯᠥᠭᠡ᠂ ᠵᠥᠭᠡᠯᠡᠨ ᠲᠣᠨᠤᠭ ᠤᠨ ᠦᠢᠯᠡᠴᠢᠯᠡᠭᠴᠢ ᠶᠢᠨ ᠵᠢᠯᠣᠭᠤᠳᠤᠯᠭ᠎ᠠ  ᠳᠣᠣᠷ᠎ᠠ᠂  ᠵᠥᠭᠡᠯᠡᠨ  ᠲᠣᠨᠤᠭ ᠤᠨ︽ᠭᠡᠰᠢᠭᠦᠨ ᠤ ᠡᠷᠬᠡ ᠠᠰᠢᠭ︾᠎ ᠢ ᠲᠠᠰᠤᠷᠠᠯᠲᠠ ᠦᠭᠡᠢ ᠨᠡᠮᠡᠭᠳᠡᠭᠦᠯᠦᠨ ᠳᠡᠭᠡᠭᠰᠢᠯᠡᠭᠦᠯᠵᠦ᠂ ᠥᠨᠳᠥᠷ ᠠᠰᠢᠭ  ᠬᠤᠨᠵᠢᠪᠤᠷᠢ  ᠵᠢᠨ‌ᠥᠳᠥᠭᠡᠯᠭᠡ ᠪᠠᠷ ᠡᠯᠳᠡᠪ ᠲᠠᠩᠰᠠ ᠲᠠᠶᠢᠯᠬᠤ᠂ ᠪᠢᠲᠡᠭᠦᠮᠵᠢ ᠶᠢ  ᠲᠠᠶᠢᠯᠬᠤ  ᠵᠡᠷᠭᠡ  ᠠᠵᠢᠯ ᠎ ᠢ  ᠬᠢᠵᠦ᠂  ᠨᠢᠭᠡ  ᠴᠠᠭ  ᠪᠣᠯᠣᠯ‌ᠦᠭᠡᠢ ᠪᠠᠷ 29 ᠲᠦᠮᠡ ᠭᠠᠷᠤᠢ ᠲᠥᠭᠦᠷᠢᠭ ᠵᠠᠷᠤᠴᠠᠭᠤᠯᠵᠠᠢ᠂ ᠲᠡᠷᠭᠡᠨ ᠠᠴᠠ ᠪᠠᠭᠤᠭᠠᠳ ᠪᠠᠭᠤᠳᠠᠯ ᠳᠤ ᠣᠴᠢᠬᠤ ᠵᠠᠮ ᠳᠠᠭᠠᠨ︽ᠳᠠᠭᠢᠨᠢ ᠮᠡᠲᠦ ᠬᠡᠥᠬᠡᠨ︾ ᠭᠡᠭᠴᠢ ᠨᠢ ᠲᠡᠭᠦᠨ ᠢ ᠨᠠᠶᠢᠵᠠ ᠠᠴᠠ ᠎ ᠪᠠᠨ  ᠬᠠᠰᠤᠭᠰᠠᠨ ᠳᠤ  ᠲᠡᠷᠡ  ᠰᠠᠶ᠋ᠢ  ᠮᠡᠬᠡᠯᠡᠭᠳᠡᠭᠰᠡᠨ ᠵᠶ᠋ᠡᠨ‌ᠮᠡᠳᠡᠵᠡᠢ᠃               ᠬᠡᠷᠡᠭ ᠮᠡᠳᠡᠭᠦᠯᠦᠯᠲᠡ ᠶᠢ ᠲᠣᠰᠣᠭᠰᠠᠨ ᠤ ᠲᠠᠷᠠᠭ᠎ᠠ᠂ ᠪᠤᠭᠤᠲᠤ ᠶᠢᠨ ᠲᠡᠮᠦᠷ  ᠵᠠᠮ ᠤᠨ  ᠳᠣᠲᠣᠭᠠᠳᠤ ᠶᠢ  ᠬᠠᠮᠠᠭᠠᠯᠠᠬᠤ‌ᠭᠠᠵᠠᠷ ᠤᠨ ᠬᠢᠨ ᠴᠠᠭᠳᠠᠭᠠᠨ ᠤ ᠬᠦᠴᠦᠨ ᠢᠶᠠᠨ  ᠵᠣᠬᠢᠶᠠᠨ  ᠪᠠᠶᠢᠭᠤᠯᠤᠨ  ᠳᠠᠷᠤᠢ  ᠲᠦᠷᠭᠡᠨ  ᠲᠠᠩᠨᠠᠨ  ᠪᠠᠶᠢᠴᠠᠭᠠᠬᠤ  ᠠᠵᠢᠯ‌ᠥᠷᠨᠢᠭᠦᠯᠪᠡ᠃              ᠨᠡᠯᠢᠶᠡᠳ ᠬᠡᠳᠦᠨ ᠡᠳᠦᠷ ᠤᠨ ᠳᠠᠷᠠᠭ᠎ᠠ᠂ ᠴᠠᠭᠳᠠᠭᠠᠨ ᠤ ᠲᠠᠯ᠎ᠠ ᠶᠢᠨ ᠬᠢᠨ ᠡᠨᠡᠬᠦ ᠶᠠᠯᠠᠲᠤ ᠠᠵᠢᠯᠯᠠᠭ᠎ᠠ ᠶᠢᠨ  ᠵᠣᠬᠢᠶᠠᠨ‌‍ᠪᠠᠶᠢᠭᠤᠯᠤᠯᠲᠠ ᠶᠢᠨ ᠳᠡᠰ ᠳᠠᠪᠬᠤᠷᠭ᠎ᠠ ᠶᠢᠨ ᠪᠦᠲᠦᠴᠡ ᠪᠣᠯᠣᠨ  ᠬᠡᠷᠡᠭ  ᠦᠢᠯᠡᠳᠬᠦ  ᠶᠠᠪᠤᠴᠠ ᠎ ᠶᠢ  ᠡᠵᠡᠮᠰᠢᠵᠦ᠂  5  ᠳᠡᠰ‌‍ᠲ᠋ᠠᠪᠬᠤᠷᠭ᠎ᠠ ᠶᠢᠨ ᠡᠪᠰᠡᠯ ᠪᠦᠯᠦᠭ ᠤᠨ ᠬᠠᠷᠢᠴᠠᠭ᠎ᠠ ᠶᠢᠨ ᠰᠦᠯᠵᠢᠶ᠎ᠡ ᠶᠢ  ᠵᠢᠷᠤᠵᠤ  ᠭᠠᠷᠭᠠᠭᠠᠳ᠂  ᠺᠠᠮᠪᠤᠵᠠ ᠳᠤ  ᠨᠢᠭᠤᠭᠳᠠᠵᠤ‌‍ᠪᠠᠶᠢᠭ᠎ᠠ ᠴᠠᠬᠢᠯᠭᠠᠨ ᠬᠤᠯᠪᠣᠭ᠎ᠠ ᠰᠦᠯᠵᠢᠶᠡᠨ ᠤ ᠮᠡᠬᠡᠯᠡᠯ ᠤᠨ ᠡᠭᠦᠷ ᠠᠭᠠᠵᠢᠮ ᠢᠶᠠᠷ ᠢᠯᠡᠷᠡᠭᠦᠯᠪᠡ᠃                ᠤᠯᠠᠮ  ᠨᠢᠭᠡ  ᠠᠯᠬᠤᠮ ᠤᠨ  ᠮᠦᠷᠳᠡᠨ  ᠪᠠᠶᠢᠴᠠᠭᠠᠯᠲᠠ ᠪᠠᠷ  ᠳᠠᠮᠵᠢᠨ᠂  ᠭᠠᠳᠠᠭᠠᠳᠤ ᠶᠢᠨ  ᠡᠪᠰᠡᠯ  ᠪᠦᠯᠦᠭ ‍ᠤᠨ‌ᠮᠡᠬᠡᠯᠡᠭᠴᠢ ᠶᠢᠨ ︽ᠮᠣᠭᠠᠢ ᠶᠢᠨ ᠲᠦᠷᠦᠭᠦᠸ︾᠎  ᠵᠡᠷᠭᠡ  4  ᠬᠦᠮᠦᠨ ᠢ  ᠪᠠᠷᠢᠪᠴᠢᠯᠠᠵᠤ᠂  ᠳᠠᠷᠠᠭ᠎ᠠ ᠪᠠᠷ  ᠎ ᠨᠢ  ᠪᠠᠰᠠ  ᠮᠡᠬᠡᠯᠡᠬᠦ‌‍ᠪᠦ᠋ᠯᠬᠦᠮ ᠤᠨ ᠬᠤᠪᠢ ᠣᠯᠬᠤ᠂  ᠪᠡᠯᠡᠨ  ᠵᠣᠭᠤᠰ  ᠭᠠᠷᠭᠠᠵᠤ  ᠠᠪᠬᠤ᠂  ᠵᠣᠭᠤᠰ  ᠤᠬᠢᠶᠠᠬᠤ  ᠵᠡᠷᠭᠡ  ᠮᠡᠳᠡᠭᠡ  ᠵᠠᠩᠭᠢ ᠵᠢᠨ‌‍ᠰᠦ᠋ᠯᠵᠢᠶᠡᠨ ᠤ ᠮᠡᠬᠡᠯᠡᠯ ᠤᠨ ᠠᠵᠢᠯᠯᠠᠭ᠎ᠠ ᠶᠢ ᠬᠠᠪᠰᠤᠷᠴᠤ ᠪᠠᠶᠢᠭ᠎ᠠ ᠵᠠᠩ  ᠣᠪᠣᠭᠲᠤ  ᠸᠧᠨ᠂  ᠵᠠᠩ  ᠣᠪᠣᠭᠲᠤ  ᠪᠢᠨ᠂  ᠬᠤᠸ‌ᠣᠪᠣᠭᠲᠤ ᠵᠡᠷᠭᠡ ᠬᠠᠤᠯᠢ ᠶᠢ ᠵᠥᠷᠢᠴᠡᠵᠦ ᠶᠠᠯ᠎ᠠ ᠬᠢᠭᠰᠡᠨ 18 ᠰᠡᠵᠢᠭᠲᠡᠨ ᠢ ᠨᠢᠭᠡ ᠯᠡ ᠳᠡᠭᠡᠷ᠎ᠡ ᠪᠠᠷᠢᠪᠴᠢᠯᠠᠪᠠ᠃                ᠰᠢᠭᠦᠯᠲᠡ ᠪᠠᠷ ᠳᠡᠮᠵᠢᠨ᠂ ᠰᠡᠵᠢᠭᠲᠡᠨ ᠤ ᠲᠤᠰᠢᠶᠠᠭᠰᠠᠨ ᠢᠶᠠᠷ᠂ ᠲᠠᠳᠠ ᠣᠷᠳᠣ ᠬᠤᠭᠤᠴᠠᠭ᠎ᠠ ᠪᠠᠷ ᠬᠢᠯᠢ ᠶᠢᠨ ᠭᠠᠳᠠᠨ᠎ᠠ‌ᠬᠠᠤᠯᠢ ᠪᠤᠰᠤ ᠠᠵᠢᠯᠯᠠᠭ᠎ᠠ ᠬᠢᠵᠦ᠂ ᠡᠪᠰᠡᠯ ᠪᠦᠯᠦᠭ ᠤᠨ ᠳᠣᠲᠣᠭᠠᠳᠤ ᠶᠢᠨ ᠠᠵᠢᠯ ᠤᠨ ᠬᠤᠪᠢᠶᠠᠷᠢᠯᠠᠯ ᠨᠢ ᠲᠣᠳᠣᠷᠬᠠᠢ᠂ ᠵᠣᠬᠢᠶᠠᠨ‌‍ᠪᠠᠶᠢᠭᠤᠯᠤᠯᠲᠠ ᠨᠢ ᠨᠢᠭᠲᠠ ᠴᠢᠩᠭ᠎ᠠ᠂ ᠵᠥᠪᠬᠡᠨ ᠮᠡᠬᠡᠯᠡᠬᠦ ᠭᠤᠭᠴᠤᠭ᠎ᠠ ᠳᠤ ︽ᠤᠬᠠᠭᠤᠯᠬᠤ ᠳᠤᠭᠤᠶᠢᠯᠠᠩ︾ ︽ᠭᠥᠯᠢᠶᠡᠨ ᠠᠪᠬᠤ‌‍ᠲ᠋ᠤᠭᠤᠶᠢᠯᠠᠩ︾ ︽ᠭᠦᠢᠴᠡᠳᠬᠡᠬᠦ ᠳᠤᠭᠤᠶᠢᠯᠠᠩ︾ ᠵᠢᠴᠢ ︽ᠠᠷᠤ ᠲᠠᠯ᠎ᠠ ᠶᠢᠨ ᠳᠤᠭᠤᠶᠢᠯᠠᠩ︾᠎ ᠢ ᠪᠠᠶᠢᠭᠤᠯᠵᠤ᠂  ᠬᠡᠳᠦᠨ  ᠵᠠᠭᠤᠨ‌ᠠᠵᠢᠯᠲᠠᠨ ᠲᠠᠢ᠂ ᠬᠠᠷᠢᠶ᠎ᠠ ᠳᠤ ᠪᠠᠶᠢᠭ᠎ᠠ ︽ᠭᠡᠰᠢᠭᠦᠨ︾ 8100 ᠭᠠᠷᠤᠢ ᠬᠥᠮᠥᠨ ᠳᠤ ᠬᠦᠷᠴᠦ᠂ ᠣᠬᠤᠷᠬᠠᠨ ᠬᠠᠭᠠᠰ  ᠵᠢᠯ ‍ᠦᠨ‌‍ᠲ᠋ᠣᠲᠣᠷ᠎ᠠ ᠠᠷᠠᠯᠵᠢᠶᠠᠨ ᠤ ᠮᠦᠩᠭᠦ ᠨᠢ ᠠᠷᠠᠳ ᠤᠨ ᠵᠣᠭᠤᠰ ᠢᠶᠠᠷ 1.4 ᠳ᠋ᠦᠩᠰᠢᠭᠤᠷ ᠲᠥᠭᠦᠷᠢᠭ ᠢ ᠳᠠᠪᠠᠭᠰᠠᠨ ᠪᠠᠶᠢᠨ᠎ᠠ᠃                ᠲᠤᠰᠬᠠᠢ ᠬᠡᠷᠡᠭ ᠤᠨ ᠳᠤᠭᠤᠶᠢᠯᠠᠩ ᠤᠨ ᠬᠢᠨ ᠤᠯᠠᠮ ᠨᠢᠭᠡ ᠠᠯᠬᠤᠮ  ᠪᠠᠶᠢᠴᠠᠭᠠᠨ  ᠠᠰᠠᠭᠤᠬᠤ ᠪᠠᠷ  ᠳᠠᠮᠵᠢᠭᠤᠯᠤᠨ᠂ᠬᠢᠯᠢ ᠶᠢᠨ ᠭᠠᠳᠠᠨᠠᠬᠢ ᠴᠠᠬᠢᠯᠭᠠᠨ ᠬᠤᠯᠪᠤᠭᠠᠨ ᠤ ᠮᠡᠬᠡᠯᠡᠯ ᠤᠨ ᠳᠥᠷᠪᠡᠨ ᠬᠦᠷᠢᠶᠡᠯᠡᠩ  ᠲᠣᠭᠤᠷᠢᠭ᠂  ᠴᠠᠬᠢᠯᠭᠠᠨ  ᠬᠤᠯᠪᠤᠭᠠᠨ ‍ᠤ‌ᠮᠡᠬᠡᠯᠡᠯ ᠤᠨ ᠬᠤᠶᠠᠷ ᠡᠪᠰᠡᠯ ᠪᠦᠯᠦᠭ ᠢ  ᠠᠮᠵᠢᠯᠲᠠ ᠲᠠᠢ ᠪᠠᠷ  ᠪᠠᠶᠢᠴᠠᠭᠠᠨ  ᠲᠣᠳᠣᠯᠠᠭᠰᠠᠨ  ᠪᠥᠭᠡᠳ  ᠵᠢᠭᠠᠨ  ᠲᠣᠳᠣᠯᠠᠭᠰᠠᠨ‌‍ᠪᠠᠶᠢᠳᠠᠯ ᠢ ᠦᠨᠳᠦᠰᠦᠯᠡᠨ ᠪᠤᠰᠤᠳ ᠰᠡᠵᠢᠭᠲᠡᠨ ᠢ ᠪᠠᠷᠢᠪᠴᠢᠯᠠᠪᠠ᠃ 2024 ᠣᠨ ᠤ 1 ᠰᠠᠷ᠎ᠠ ᠶᠢᠨ 31᠎ ᠤ ᠡᠳᠦᠷ᠂  ᠯᠢᠦ‌ᠣᠪᠣᠭᠲᠤ ᠶᠢᠨ ᠪᠠᠷᠢᠪᠴᠢᠯᠠᠭᠳᠠᠬᠤ ᠶᠢ ᠳᠠᠭᠠᠯᠳᠤᠨ᠂ ᠲᠤᠰᠬᠠᠢ ᠬᠡᠷᠡᠭ ᠤᠨ  ᠳᠤᠭᠤᠶᠢᠯᠠᠩ ᠤᠨ ᠎ ᠬᠢᠨ  ᠲᠣᠰ  ᠬᠡᠷᠡᠭ ᠤᠨ  40ᠬᠥᠮᠥᠨ ᠢ ᠵᠠᠯᠭᠠᠭᠠᠪᠡᠷ ᠠᠮᠵᠢᠯᠲᠠᠲᠠᠢ ᠪᠠᠷᠢᠪᠴᠢᠯᠠᠪᠠ᠃ ᠣᠳᠣᠬᠠᠨ ᠳᠤ᠂ ᠲᠣᠰ ᠬᠡᠷᠡᠭ ᠤᠨ ᠶᠠᠯ᠎ᠠ ᠬᠢᠭᠰᠡᠨ ᠰᠡᠵᠢᠭᠲᠡᠨ ᠢ  ᠴᠥᠮ‌ᠡᠷᠡᠭᠦᠦ ᠶᠢᠨ ᠬᠡᠷᠡᠭ ᠤᠨ ᠠᠯᠪᠠᠳᠠᠯᠭ᠎ᠠ ᠶᠢᠨ ᠠᠷᠭ᠎ᠠ  ᠬᠡᠮᠵᠢᠶ᠎ᠡ  ᠠᠪᠴᠤ᠂  ᠬᠡᠷᠡᠭ ᠎ ᠢ  ᠲᠠᠷᠠᠭᠠᠴᠢ ᠎ ᠶᠢᠨ  ᠠᠯᠬᠤᠮ ᠳᠤ  ᠬᠢᠨᠠᠨ‌‍ᠪᠠᠶᠢᠴᠠᠭᠠᠵᠤ ᠵᠠᠭᠠᠯᠳᠤᠬᠤ ᠪᠠᠷ ᠪᠠᠶᠢᠨ᠎ᠠ᠃      
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号