ᠪᠥᠬᠦ ᠤᠯᠤᠰ ᠤᠨ ᠤᠷᠤᠯᠳᠤᠭᠠᠨ ᠲᠤ ᠮᠠᠨ᠋ ᠤ᠊ ᠣᠷᠣᠨ᠋ ᠤ᠊ ᠲᠠᠮᠢᠷᠴᠢᠨ ᠬᠤᠶᠠᠷ ᠠᠯᠲᠠᠨ ᠮᠧᠳᠠᠯ ᠲᠤᠰᠴᠠᠢ
ᠨᠡᠶᠢᠲᠡᠯᠡᠭᠰᠡᠨ ᠴᠠᠭ᠄
2024/3/20
  ᠦᠪᠡᠷᠲᠡᠭᠡᠨ ᠵᠠᠰᠬᠠᠤ ᠤᠷᠤᠨ ᠤ᠊ ᠪᠡᠶ᠎ᠡ ᠶᠢᠨ ᠲᠠᠮᠢᠷ ᠤᠨ ᠲᠤᠪᠴᠢᠶ᠎ᠠ ᠠᠴᠠ ᠤᠢᠯᠠᠭᠠᠭᠰᠠᠨ ᠢᠶᠠᠷ᠂ ᠠᠩᠬᠠᠳᠤᠭᠠᠷ ᠬᠤᠭᠤᠴᠠᠭᠠᠨ ᠤ᠊ ᠪᠥᠬᠦ ᠤᠯᠤᠰ ᠤᠨ ᠪᠥᠬᠦ ᠠᠷᠠᠳ᠋᠊ ᠤᠨ ᠪᠡᠶ᠎ᠡ ᠴᠢᠭᠢᠷᠡᠭᠵᠢᠭᠤᠯᠬᠤ ᠤᠷᠤᠯᠳᠤᠭᠠᠨ ︵ᠤᠮᠠᠷᠠᠲᠤ ᠣᠷᠣᠨ︶ ᠤ᠊ ᠬᠡᠭᠡᠷᠡᠯᠡᠬᠦ ᠴᠠᠨᠠᠯᠠᠯᠲᠠ ᠶᠢᠨ ᠤᠷᠤᠯᠳᠤᠭᠠᠨ ᠲᠦᠷᠦᠭᠦᠬᠡᠨ ᠴᠢᠭᠤᠯᠤᠯᠲᠤ ᠬᠠᠭᠠᠯᠭ᠎ᠠ ᠬᠤᠳ᠋᠊ ᠠ ᠶᠢᠨ ᠴᠥᠩ ᠯᠢ ᠲᠣᠭᠤᠷᠢᠭ᠋ ᠤᠨ ᠤᠯᠤᠰ ᠤᠨ ᠡᠪᠦᠯ ᠦᠨ ᠤᠯᠠᠷᠢᠯ ᠤᠨ ᠬᠤᠶᠠᠷ ᠲᠦᠷᠦᠯ ᠤᠨ ᠤᠷᠤᠯᠳᠤᠭᠠᠨ᠋ ᠤ᠊ ᠲᠥᠪᠲ᠋ᠦ ᠶᠠᠪᠦᠭᠳᠠᠵᠤ᠂ ᠮᠠᠨ᠋ ᠤ᠊ ᠣᠷᠣᠨ ᠠᠴᠠ 10 ᠲᠠᠮᠢᠷᠴᠢᠨ ᠰᠣᠩᠭᠤᠨ ᠲᠣᠰ ᠤᠳᠠᠭᠠᠨ᠋ ᠤ᠊ ᠤᠷᠤᠯᠳᠤᠭᠠᠨ᠋ ᠲᠤ ᠣᠷᠣᠯᠴᠠᠭᠤᠯᠪᠠ᠃
   ᠤᠷᠤᠯᠳᠤᠭᠠᠨ ᠨᠢ ᠪᠠᠭᠠᠴᠤᠳ ᠤᠨ ᠳᠤᠭᠤᠢᠯᠠᠩ᠂ ᠵᠠᠯᠠᠭᠤᠴᠤᠳ
ᠤᠨ ᠳᠤᠭᠤᠢᠯᠠᠩ᠂ ᠢᠳᠡᠷᠴᠦᠳ᠋᠊ ᠦᠨ ᠳᠤᠭᠤᠢᠯᠠᠩ᠂ ᠨᠠᠰᠤᠲᠠᠢᠴᠤᠳ᠋᠊ ᠤᠨ ᠳᠤᠭᠤᠢᠯᠠᠩ ᠵᠡᠷᠭᠡ 4 ᠳᠤᠭᠤᠢᠯᠠᠩ ᠬᠤᠪᠢᠶᠠᠵᠤ᠂ ᠡᠷᠡᠭ᠌ᠲᠡᠶ᠂ ᠡᠮᠡᠭ᠌ᠲᠡᠶ ᠶᠢᠨ 1000 ᠮᠧᠲᠷ ︵ᠴᠢᠯᠥᠭᠡᠲᠦ ᠮᠡᠷᠭᠡᠵᠢᠯ︶ ᠪᠠ ᠡᠷᠡᠭ᠌ᠲᠡᠶ᠂ ᠡᠮᠡᠭ᠌ᠲᠡᠶ ᠶᠢᠨ 4 × 1500 ᠮᠧᠲᠷ ︵ᠴᠢᠯᠥᠭᠡᠲᠦ︶ ᠤᠨ ᠪᠤᠤᠭᠢᠶ᠎ᠠ ᠤᠷᠤᠯᠳᠤᠭᠠᠨ ᠵᠡᠷᠭᠡ 10 ᠪᠠᠭ᠎ᠠ ᠤᠷᠤᠯᠳᠤᠭᠠᠨ᠋ ᠤ᠊ ᠲᠦᠷᠦᠯ ᠵᠦᠢᠯ ᠢ᠊ ᠲᠣᠬᠢᠷᠠᠭᠤᠯᠪᠠ᠃ ᠮᠠᠨ᠋ ᠤ᠊ ᠣᠷᠣᠨ᠋ ᠤ᠊ ᠲᠠᠮᠢᠷᠴᠢᠨ ᠨᠡᠢᠳᠡ 2 ᠠᠯᠲᠠᠨ ᠮᠧᠳᠠᠯ᠂ 1 ᠮᠥᠩᠭᠦᠨ ᠮᠧᠳᠠᠯ᠂ 1 ᠬᠦᠷᠡᠯ ᠮᠧᠳᠠᠯ ᠲᠤᠰᠴᠠᠢ᠃ ᠡᠭᠦᠨ᠋ ᠲᠤ᠂ ᠵᠠᠩ ᠢ ᠵᠦᠤᠤ᠂ ᠯᠢ ᠱᠢᠶᠠᠩ ᠯᠢᠩ ᠲᠤᠰ ᠲᠤᠰ ᠵᠠᠯᠠᠭᠤᠴᠤᠳ᠋᠊ ᠤᠨ ᠳᠤᠭᠤᠢᠯᠠᠩ᠊ ᠤᠨ ᠡᠷᠡᠭ᠌ᠲᠡᠶ᠂ ᠡᠮᠡᠭ᠌ᠲᠡᠶ ᠶᠢᠨ 1000 ᠮᠧᠲᠷ ︵ᠴᠢᠯᠥᠭᠡᠲᠦ ᠮᠡᠷᠭᠡᠵᠢᠯ︶ ᠤᠨ ᠤᠷᠤᠯᠳᠤᠭᠠᠨ ᠳᠤ ᠮᠠᠩᠯᠠᠢᠯᠠᠵᠤ᠂ ᠯᠢᠦ ᠶᠤᠸᠠᠢ ᠲᠦᠩ᠂ ᠵᠥᠩ ᠶᠠᠩ ᠲᠤᠰ ᠲᠤᠰ ᠡᠮᠡᠭ᠌ᠲᠡᠶ ᠶᠢᠨ ᠳᠤᠭᠤᠢᠯᠠᠩ᠊ ᠤᠨ 1000 ᠮᠧᠲᠷ ︵ᠴᠢᠯᠥᠭᠡᠲᠦ ᠮᠡᠷᠭᠡᠵᠢᠯ︶ ᠤᠨ ᠬᠤᠶᠠᠳᠤᠭᠠᠷ᠂ ᠭᠤᠷᠪᠠᠳᠤᠭᠠᠷ ᠲᠤ ᠤᠷᠤᠪᠠ᠃
   
ᠤᠢᠯᠠᠭᠠᠭᠰᠠᠨ ᠢᠶᠠᠷ᠂ ᠲᠣᠰ ᠬᠤᠭᠤᠴᠠᠭᠠᠨ ᠤ᠊ ᠪᠥᠬᠦ ᠤᠯᠤᠰ ᠤᠨ ᠪᠥᠬᠦ ᠠᠷᠠᠳ᠋᠊ ᠤᠨ ᠪᠡᠶ᠎ᠡ ᠴᠢᠭᠢᠷᠡᠭᠵᠢᠭᠤᠯᠬᠤ ᠤᠷᠤᠯᠳᠤᠭᠠᠨ ︵ᠤᠮᠠᠷᠠᠲᠤ ᠣᠷᠣᠨ︶᠎ ᠳᠤ ᠨᠡᠢᠲᠡ 15 ᠤᠷᠤᠯᠳᠤᠭᠠᠨ᠋ ᠤ᠊ ᠲᠥᠷᠥᠯ ᠲᠣᠬᠢᠷᠠᠭᠤᠯᠵᠤ᠂ 2 ᠰᠠᠷ᠎ᠠ ᠎ᠠ ᠴᠠ 9 ᠰᠠᠷ᠎ᠠ ᠪᠣᠯᠲᠠᠯ᠎ᠠ ᠪᠡᠭᠡᠵᠢᠩ ᠬᠤᠲᠠ᠂ ᠲᠢᠶᠠᠨᠵᠢᠨ ᠬᠤᠲᠠ᠂ ᠾᠤᠪᠸᠢ ᠮᠤᠵᠢ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠪᠠ ᠱᠠᠨ ᠰᠢ ᠮᠤᠵ᠊ ᠢ ᠲᠤ ᠲᠣᠰ ᠲᠣᠰ ᠡᠷᠭᠢᠯᠡᠨ ᠶᠠᠪᠤᠭᠳᠠᠭᠤᠯᠬᠤ ᠪᠤᠯᠤᠨ᠎ᠠ᠃
   
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号