ᠡᠮ ᠡᠮᠨᠡᠯᠭᠡ ᠶᠢᠨ ᠳᠠᠭᠠᠳᠬᠠᠯ ᠳᠤ ᠬᠤᠯᠪᠣᠭᠳᠠᠬᠤ ᠰᠢᠨ᠎ᠡ ᠴᠢᠳᠠᠮᠵᠢ ᠶᠢ ᠰᠦᠯᠵᠢᠶ᠎ᠡ ᠳᠤ ᠣᠷᠣᠭᠤᠯᠪᠠ︕
ᠨᠡᠶᠢᠲᠡᠯᠡᠭᠰᠡᠨ ᠴᠠᠭ᠄
2024/3/20
   ᠳᠠᠭᠠᠳᠬᠠᠯ ᠳᠤ ᠣᠷᠣᠯᠴᠠᠭᠰᠠᠳ ᠲᠤ ᠡᠮ ᠡᠮᠨᠡᠯᠭᠡ ᠶᠢᠨ ᠳᠠᠭᠠᠳᠬᠠᠯ ᠤᠨ ᠨᠠᠩ ᠳᠥᠭᠦᠮ ᠳᠥᠲᠡ  ᠦᠢᠯᠡᠴᠢᠯᠡᠭᠡ ᠵᠢ‌ᠤᠯᠠᠮ ᠴᠢᠨᠠᠬᠰᠢᠳᠠ ᠬᠠᠩᠭᠠᠬᠤ ᠶᠢᠨ ᠲᠤᠰᠠᠳᠠ᠂ ᠤᠯᠤᠰ ᠤᠨ ᠡᠮ ᠡᠮᠨᠡᠯᠭᠡ ᠶᠢᠨ ᠳᠠᠭᠠᠳᠬᠠᠯ ᠤᠨ ᠲᠣᠪᠴᠢᠶ᠎ᠠ ᠶᠢᠨ ᠸᠢᠴᠠᠲ ‍ᠤᠨ‌ᠣᠯᠠᠨ ᠨᠡᠶᠢᠲᠡ ᠶᠢᠨ ᠨᠣᠮᠧᠷ ᠢ ᠣᠳᠣᠬᠠᠨ ᠳᠤ ᠨᠢᠭᠡᠨᠲᠡ ᠤᠯᠤᠰ ᠤᠨ ᠡᠮ ᠡᠮᠨᠡᠯᠭᠡ ᠶᠢᠨ  ᠦᠨᠳᠦᠰᠦᠨ  ᠳᠠᠭᠠᠳᠬᠠᠯ ᠤᠨ  ᠡᠮ‌‍ᠲ᠋ᠠᠩ ᠎ ᠤᠨ ᠭᠠᠷᠴᠠᠭ ᠢ ᠠᠰᠠᠭᠤᠨ ᠯᠠᠪᠯᠠᠬᠤ ᠴᠢᠳᠠᠮᠵᠢ ᠎ ᠶᠢ ᠰᠦᠯᠵᠢᠶ᠎ᠡ ᠳᠤ ᠣᠷᠣᠭᠤᠯᠪᠠ᠃           ᠨᠢᠭᠡᠳᠦᠭᠡᠷ ᠠᠯᠬᠤᠮ᠄ ︽ᠤᠯᠤᠰ ᠤᠨ ᠡᠮ ᠡᠮᠨᠡᠯᠭᠡ ᠶᠢᠨ ᠳᠠᠭᠠᠳᠬᠠᠯ ᠤᠨ ᠲᠣᠪᠴᠢᠶ᠎ᠠ︾᠎ ᠶᠢᠨ  ᠸᠢᠴᠠᠲ ᠤᠨ  ᠣᠯᠠᠨ‌ᠨᠡᠶᠢᠲᠡ ᠶᠢᠨ ᠳ᠋ᠤᠭᠠᠷ ᠲᠤ ᠣᠷᠣᠵᠤ᠂ ᠪᠢᠴᠢᠯ ᠦᠢᠯᠡᠴᠢᠯᠡᠭᠡ ᠎ ᠶᠢ ᠲᠤᠪᠰᠢᠵᠦ᠂ ᠲᠠᠷᠠᠭ᠎ᠠ  ᠎ ᠨᠢ  ᠤᠯᠤᠰ ᠤᠨ  ᠡᠮ  ᠡᠮᠨᠡᠯᠭᠡ ᠵᠢᠨ‌‍ᠲ᠋ᠠᠭᠠᠳᠬᠠᠯ ᠤᠨ ᠡᠮ ᠲᠠᠩ ᠎ ᠤᠨ ᠭᠠᠷᠴᠠᠭ ᠢ ᠠᠰᠠᠭᠤᠨ  ᠯᠠᠪᠯᠠᠬᠤ  ᠎ ᠶᠢ  ᠲᠤᠪᠰᠢᠪᠠᠯ᠂  ᠠᠰᠠᠭᠤᠨ  ᠯᠠᠪᠯᠠᠬᠤ  ᠬᠠᠭᠤᠳᠠᠰᠤᠨ ᠳ᠋ᠤ᠋‌ᠣᠷᠣᠨ᠎ᠠ᠃          ᠬᠤᠶᠠᠳᠤᠭᠠᠷ ᠠᠯᠬᠤᠮ᠄ ᠪᠣᠳᠠᠲᠠᠶ ᠡᠮ ᠤᠨ ᠨᠡᠷᠡᠶᠢᠳᠦᠯ ᠢ ᠪᠢᠴᠢᠵᠤ ᠤᠷᠤᠭᠠᠳ ᠲᠣᠪᠴᠢᠳᠠᠨ ᠬᠠᠶᠢᠪᠠᠯ᠂ ᠲᠠᠷᠤᠢ ᠲᠣᠰ‌ᠡᠮ ᠲᠠᠩ ᠨᠢ ᠡᠮ ᠡᠮᠨᠡᠯᠭᠡ ᠶᠢᠨ ᠳᠠᠭᠠᠳᠬᠠᠯ ᠤᠨ ᠭᠠᠷᠴᠠᠭ ᠤᠨ ᠬᠡᠪᠴᠢᠶᠡᠨ ᠳᠣᠲᠣᠷ᠎ᠠ ᠪᠠᠶᠢᠬᠤ ᠡᠰᠡᠬᠦ᠂  ᠬᠠᠷᠢᠶᠠᠯᠠᠭᠳᠠᠬᠤ  ᠡᠮ‌‍ᠲ᠋ᠠᠩ ᠎ ᠤᠨ ᠲᠥᠷᠥᠯ ᠵᠢᠴᠢ ᠪᠣᠳᠠᠲᠠᠶ ᠲᠠᠩᠰᠠ ᠲᠠᠶᠢᠯᠬᠤ  ᠲᠥᠷᠥᠯ  ᠢᠯᠭᠠᠯ  ᠵᠡᠷᠭᠡ  ᠨᠠᠷᠢᠨ  ᠲᠣᠳᠣᠷᠬᠠᠶ  ᠮᠡᠳᠡᠭᠡ  ᠵᠠᠩᠭᠢ ᠵᠢ‌ᠣᠶᠢᠯᠠᠭᠠᠵᠤ ᠪᠣᠯᠤᠨ᠎ᠠ᠃           ᠪᠠᠰᠠ ᠥᠪᠡᠷ ᠤᠨ ᠬᠡᠷᠡᠭᠴᠡᠭᠡ ᠪᠠᠨ ᠦᠨᠳᠦᠰᠦᠯᠡᠨ᠂ ︽ᠡᠮ ᠲᠠᠩ ᠤᠨ ᠵᠦᠢᠯᠡᠰ ᠢ ᠲᠥᠷᠥᠯ  ᠬᠤᠪᠢᠶᠠᠬᠤ︾  ᠪᠤᠶᠤ︽ᠡᠮ ᠡᠮᠨᠡᠯᠭᠡ ᠶᠢᠨ ᠳᠠᠭᠠᠳᠬᠠᠯ ᠤᠨ ᠲᠠᠩᠰᠠ ᠲᠠᠶᠢᠯᠬᠤ ᠲᠥᠷᠥᠯ ᠢᠯᠭᠠᠯ︾᠎ ᠢ  ᠰᠣᠩᠭᠤᠨ  ᠲᠤᠪᠰᠢᠵᠦ  ᠰᠣᠩᠭᠤᠨ  ᠦᠵᠡᠵᠤ‌‍ᠪᠣᠯᠤᠨ᠎ᠠ᠃     
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号