ᠲᠦᠷᠦᠭᠦᠦ ᠬᠤᠶᠠᠷ ᠰᠠᠷ᠎ᠠ ᠳᠤ ᠤᠯᠤᠰ ᠠᠷᠠᠳ ᠤᠨ ᠠᠵᠤ ᠠᠬᠤᠢ ᠦᠷᠭᠦᠯᠵᠢᠯᠡᠨ ᠰᠠᠶᠢᠵᠢᠷᠠᠬᠤ ᠬᠠᠨᠳᠤᠰᠢ ᠎ ᠲᠠᠢ ᠪᠣᠯᠪᠠ
ᠨᠡᠶᠢᠲᠡᠯᠡᠭᠰᠡᠨ ᠴᠠᠭ᠄
2024/3/20
      ᠲᠥᠷᠦ ᠶᠢᠨ ᠶᠠᠪᠤᠳᠠᠯ ᠤᠨ ᠬᠤᠷᠢᠶᠠᠨ ᠤ ᠰᠣᠨᠢᠨ ᠮᠡᠳᠡᠭᠡᠨ ᠤ  ᠠᠯᠪᠠᠨ  ᠭᠡᠷ ᠤᠨ  ᠎ ᠬᠢᠨ  ᠭᠤᠷᠪᠠᠳᠤᠭᠠᠷ  ᠰᠠᠷ᠎ᠠ ᠶᠢᠨ18᠎ ᠤ ᠡᠳᠦᠷ ᠰᠣᠨᠢᠨ ᠮᠡᠳᠡᠭᠡ ᠨᠡᠶᠢᠲᠡᠯᠡᠬᠦ ᠬᠤᠷᠠᠯ ᠬᠢᠵᠦ᠂ ᠤᠯᠤᠰ ᠤᠨ ᠲᠤᠭ᠎ᠠ ᠪᠦᠷᠢᠦᠨᠬᠡᠯ ᠤᠨ ᠲᠣᠪᠴᠢᠶ᠎ᠠ ᠬᠠᠮᠢᠶᠠᠲᠠᠢ ᠲᠤᠭ᠎ᠠ‌‍ᠪᠠᠷᠢᠮᠲᠠ ᠶᠢ ᠨᠡᠶᠢᠲᠡᠯᠡᠵᠡᠢ᠂ ᠡᠭᠦᠨ ᠳᠤ 1-2 ᠳ᠋ᠤᠭᠠᠷ ᠰᠠᠷ᠎ᠠ ᠪᠣᠯᠲᠠᠯ᠎ᠠ᠂  ᠡᠯ᠎ᠡ  ᠵᠦᠢᠯ ᠤᠨ  ᠶᠡᠭᠡ  ᠲᠠᠯ᠎ᠠ ᠶᠢᠨ  ᠲᠥᠷᠦ ᠵᠢᠨ‌‍ᠪᠣᠳᠤᠯᠭ᠎ᠠ ᠶᠢᠨ ᠦᠷ᠎ᠡ ᠠᠰᠢᠭ ᠢᠯᠡᠷᠬᠡᠢ ᠪᠣᠯᠵᠤ᠂ ᠤᠯᠤᠰ ᠠᠷᠠᠤᠨ ᠤᠨ ᠠᠵᠤ ᠠᠬᠤᠢ ᠦᠷᠭᠦᠯᠵᠢᠯᠡᠨ ᠰᠠᠶᠢᠵᠢᠷᠠᠬᠤ  ᠬᠠᠨᠳᠤᠰᠢ‌‍ᠲ᠋ᠠᠢ ᠪᠣᠯᠣᠭᠰᠠᠨ ᠪᠠᠶᠢᠨ᠎ᠠ᠃                    1-2 ᠳ᠋ᠤᠭᠠᠷ ᠰᠠᠷ᠎ᠠ ᠪᠣᠯᠲᠠᠯ᠎ᠠ᠂ ᠪᠦᠬᠦ ᠤᠯᠤᠰ ᠤᠨ ᠬᠡᠪᠴᠢᠶᠡᠵᠢᠭᠰᠡᠨ ᠠᠵᠤ ᠦᠢᠯᠡᠦᠨᠪᠦᠷᠢ ᠶᠢᠨ ᠨᠡᠮᠡᠭᠳᠡᠯ  ᠥᠷᠲᠡᠭ7.0%᠎ ᠢᠶᠠᠷ ᠨᠡᠮᠡᠭᠳᠡᠵᠦ᠂ ᠨᠢᠳᠤᠨᠤᠨ ᠤ 12 ᠳ᠋ᠤᠭᠠᠷ ᠰᠠᠷ᠎ᠠ ᠠᠴᠠ ᠵᠠᠭᠤᠨ ᠤ 0.2᠎ ᠢᠶᠠᠷ  ᠨᠡᠮᠡᠭᠲᠡᠵᠡᠢ᠃  ᠦᠢᠯᠡᠴᠢᠯᠡᠭᠡᠨ ‍ᠦ‌ᠦᠢᠯᠡᠰ ᠨᠡᠯᠢᠶᠡᠦᠨ ᠰᠠᠶᠢᠵᠢᠷᠠᠬᠤ ᠬᠠᠨᠳᠤᠰᠢ ᠎ ᠲᠠᠢ ᠪᠠᠶᠢᠨ᠎ᠠ᠂ ᠪᠦᠬᠦ  ᠤᠯᠤᠰ  `᠎ ᠤᠨ  ᠦᠢᠯᠡᠴᠢᠯᠡᠭᠡᠨ ᠤ  ᠠᠵᠤ  ᠦᠢᠯᠡᠰ ‍ᠦᠨ‌ᠵᠢᠭᠠᠯᠲᠠ ᠲᠤᠭ᠎ᠠ ᠠᠳᠠᠯᠢ ᠬᠤᠭᠤᠴᠠᠭᠠᠨ ᠤ ᠎ ᠬᠢ ᠠᠴᠠ 5.8%᠎ ᠪᠠᠷ ᠨᠡᠮᠡᠭᠳᠡᠵᠡᠢ᠃  ᠵᠣᠴᠢᠤᠨ ᠤᠨ  ᠪᠠᠭᠤᠳᠠᠯ  ᠪᠠ  ᠢᠳᠡᠭᠡᠨ‌ᠤᠮᠳᠠᠭᠠᠨ ᠤ ᠦᠢᠯᠡᠰ᠂ ᠵᠠᠮ ᠨᠡᠪᠲᠡᠷᠡᠯᠭᠡ ᠠᠴᠢᠶ᠎ᠠ ᠵᠥᠭᠡᠭᠡᠪᠦᠷᠢ ᠰᠠᠩ ᠬᠥᠮᠦᠷᠭᠡ ᠰᠢᠤᠳᠠᠨ ᠬᠤᠯᠪᠣᠭ᠎ᠠ ᠶᠢᠨ ᠦᠢᠯᠡᠰ ᠨᠡᠯᠢᠶᠡᠦᠨ‌‍ᠲ᠋ᠦ᠋ᠷᠭᠡᠨ ᠨᠡᠮᠡᠭᠳᠡᠯ ᠎ ᠲᠠᠢ ᠪᠣᠯᠵᠤ᠂ ᠬᠦᠮᠦᠨ ᠬᠠᠷ᠎ᠠ ᠶᠢᠨ ᠨᠠᠭᠠᠰᠢ  ᠴᠠᠭᠠᠰᠢ  ᠠᠶᠠᠯᠠᠬᠤ᠂  ᠪᠤᠳᠠᠰ ᠤᠨ  ᠭᠦᠢᠯᠭᠡᠭᠡ  ᠵᠡᠷᠭᠡ  ᠨᠡᠩ‌‍ᠬᠥ᠋ᠭᠵᠢᠶᠡᠨ ᠎ ᠲᠠᠢ ᠪᠣᠯᠵᠤ᠂ ᠡᠨᠡ  ᠵᠢᠯ ᠤᠨ  ᠲᠦᠷᠦᠭᠦᠦ  ᠬᠤᠶᠠᠷ  ᠰᠠᠷ᠎ᠠ ᠳᠤ᠂  ᠡᠵᠡᠩᠨᠡᠯᠲᠡ ᠶᠢᠨ  ᠴᠢᠨᠠᠷ  ᠎ ᠲᠠᠢ  ᠠᠶᠠᠨᠴᠢᠨ ‍ᠤ‌ᠵᠥ᠋ᠭᠡᠭᠡᠪᠦᠷᠢ ᠶᠢᠨ  ᠬᠡᠮᠵᠢᠶ᠎ᠡ  27.4%᠎ ᠪᠠᠷ  ᠨᠡᠮᠡᠭᠳᠡᠭᠰᠡᠨ  ᠪᠠᠶᠢᠨ᠎ᠠ᠂  ᠦᠢᠯᠡᠴᠢᠯᠡᠭᠡᠨ ᠤ   ᠵᠢᠵᠢᠭᠯᠡᠨ   ᠪᠣᠷᠣᠯᠠᠭᠤᠯᠤᠭᠰᠠᠨ‌ᠥᠷᠲᠡᠭ ᠤᠨ ᠨᠡᠮᠡᠭᠳᠡᠯ 12.3%᠎ ᠳᠤ ᠬᠦᠷᠴᠦ᠂ ᠬᠡᠷᠡᠭᠯᠡᠭᠴᠢᠦᠨ ᠤᠨ ᠱᠠᠭᠠᠷᠳᠠᠯᠭ᠎ᠠ ᠶᠢ ᠥᠷᠭᠡᠦᠨᠬᠡᠬᠦ ᠳᠤ ᠬᠦᠴᠦᠨ  ᠲᠡᠭᠦᠯᠳᠡᠷ‌‍ᠲ᠋ᠡᠮᠵᠢᠯᠭᠡ ᠬᠠᠩᠭᠠᠵᠠᠢ᠃ ᠦᠢᠯᠡᠴᠢᠯᠡᠭᠡᠨ ᠤ ᠬᠡᠷᠡᠭᠯᠡᠭᠡᠨ ᠤ ᠱᠠᠭᠠᠷᠳᠠᠯᠭ᠎ᠠ ᠶᠢᠨ ᠳᠠᠶᠢᠴᠢᠯᠠᠯᠲᠠ ᠪᠠᠷ  ᠦᠢᠯᠡᠴᠢᠯᠡᠭᠡᠨ ᠤ  ᠦᠢᠯᠡᠰ‌‍ᠲ᠋ᠠᠷᠠᠭᠠᠯᠠᠨ ᠬᠤᠶᠠᠷ  ᠰᠠᠷ᠎ᠠ  ᠨᠡᠮᠡᠭᠳᠡᠯ  ᠎ ᠲᠠᠢ  ᠪᠣᠯᠵᠤ᠂  ᠲᠤᠰᠬᠠᠢ  ᠠᠵᠢᠯ  ᠲᠥᠷᠦᠯ ᠤᠨ  ᠵᠢᠱᠢᠯᠲᠡ ᠶᠢᠨ  ᠵᠢᠭᠠᠯᠲᠠ  ᠲᠤᠭ᠎ᠠ‌ᠦᠷᠭᠦᠯᠵᠢᠯᠡᠨ ᠨᠡᠯᠢᠶᠡᠦᠨ ᠰᠠᠶᠢᠵᠢᠷᠠᠬᠤ ᠬᠠᠨᠳᠤᠰᠢ ᠎ ᠲᠠᠢ ᠪᠣᠯᠵᠤ ᠪᠠᠶᠢᠨ᠎ᠠ᠃                    ᠬᠠᠩᠭᠠᠯᠭ᠎ᠠ ᠶᠢᠨ ᠪᠦᠲᠦᠴᠡ ᠶᠢᠨ ᠪᠠᠶᠢᠳᠠᠯ ᠠᠴᠠ  ᠦᠵᠡᠪᠡᠯ᠂  ᠠᠵᠤ  ᠦᠢᠯᠡᠦᠨᠪᠦᠷᠢ ᠶᠢᠨ  ᠶᠢᠰᠦᠨ  ᠬᠤᠪᠢ ᠡᠴᠡ‌ᠢᠯᠡᠭᠦᠦ ᠠᠵᠢᠯ ᠲᠥᠷᠦᠯ᠂ ᠵᠢᠷᠭᠤᠭᠠᠨ ᠬᠤᠪᠢ ᠠᠴᠠ ᠢᠯᠡᠭᠦᠦ ᠪᠠᠷᠠᠭ᠎ᠠ ᠪᠦᠲᠦᠭᠡᠭᠳᠡᠭᠦᠨ  ᠠᠳᠠᠯᠢ  ᠬᠤᠭᠤᠴᠠᠭᠠᠨ ᠤ  ᠎ ᠬᠢ ᠡᠴᠡ‌ᠨᠡᠮᠡᠭᠳᠡᠯ ᠎ ᠲᠠᠢ ᠪᠣᠯᠣᠭᠰᠠᠨ ᠪᠠᠶᠢᠨ᠎ᠠ᠃ ᠬᠡᠷᠡᠭᠯᠡᠭᠡᠨ ᠤ ᠪᠠᠷᠠᠭ᠎ᠠ ᠲᠠᠸᠠᠷ ᠦᠢᠯᠡᠳᠦᠨ ᠪᠦᠲᠦᠭᠡᠳᠡᠭ ᠠᠵᠤ ᠦᠢᠯᠡᠰ  ᠪᠠ  ᠥᠨᠳᠦᠷ‌‍ᠰᠢᠨ᠎ᠡ ᠮᠡᠷᠭᠡᠵᠢᠯ ᠤᠨ ᠦᠢᠯᠡᠳᠦᠨ ᠪᠦᠲᠦᠭᠡᠬᠦ ᠠᠵᠤ ᠦᠢᠯᠡᠰ ᠤᠨ ᠨᠡᠮᠡᠭᠳᠡᠯ ᠲᠦᠷᠭᠡᠨ ᠪᠣᠯᠵᠤ ᠪᠠᠶᠢᠨ᠎ᠠ᠃                    ᠱᠠᠭᠠᠷᠳᠠᠯᠭ᠎ᠠ ᠠᠴᠠ ᠦᠵᠡᠪᠡᠯ᠂ ᠵᠠᠬ᠎ᠠ ᠳᠡᠯᠭᠡᠭᠦᠷ ᠤᠨ ᠪᠤᠷᠤᠯᠠᠭᠤᠯᠭ᠎ᠠ ᠦᠷᠭᠦᠯᠵᠢᠯᠡᠨ  ᠰᠡᠷᠭᠦᠵᠦ᠂  ᠰᠢᠯᠢᠳᠡᠭᠵᠢᠭᠰᠡᠨ‌‍ᠪᠠᠷᠠᠭ᠎ᠠ ᠲᠠᠸᠠᠷ ᠤᠨ  ᠪᠤᠷᠤᠯᠠᠭᠤᠯᠭ᠎ᠠ ᠶᠢᠨ  ᠳᠠᠯᠳᠠ  ᠬᠦᠴᠦᠨ  ᠨᠡᠮᠡᠭᠳᠡᠵᠦ  ᠪᠠᠶᠢᠨ᠎ᠠ᠃  1-2  ᠳ᠋ᠤᠭᠠᠷ  ᠰᠠᠷ᠎ᠠ  ᠪᠣᠯᠲᠠᠯ᠎ᠠ᠂ᠨᠡᠶᠢᠭᠡᠮ ᠤᠨ  ᠬᠡᠷᠡᠭᠯᠡᠭᠡᠨ ᠤ  ᠪᠠᠷᠠᠭ᠎ᠠ  ᠲᠠᠸᠠᠷ ᠤᠨ  ᠵᠢᠵᠢᠭᠯᠡᠨ  ᠪᠤᠷᠤᠯᠠᠭᠤᠯᠤᠭᠰᠠᠨ   ᠬᠡᠮᠵᠢᠶ᠎ᠡ   81307   ᠳ᠋ᠦᠩᠰᠢᠭᠤᠷ‌‍ᠲ᠋ᠥ᠋ᠭᠦᠷᠢᠭ ᠲᠤ  ᠬᠦᠷᠴᠦ᠂  ᠠᠳᠠᠯᠢ  ᠬᠤᠭᠤᠴᠠᠭᠠᠨ ᠤ  ᠎ ᠬᠢ ᠠᠴᠠ  5.5%᠎ ᠪᠠᠷ  ᠨᠡᠮᠡᠭᠳᠡᠵᠡᠢ᠃  ᠴᠢᠮᠡᠭᠡ   ᠬᠤᠯᠪᠣᠭᠠᠨ ‍ᠤ‌‍ᠬᠡᠷᠡᠭᠰᠡᠯ ᠤᠨ ᠲᠥᠷᠦᠯ᠂ ᠲᠠᠮᠢᠷ ᠴᠡᠩᠭᠡᠭᠦᠨ ᠤ  ᠬᠡᠷᠡᠭᠯᠡᠭᠡᠨ ᠤ  ᠪᠠᠷᠠᠭ᠎ᠠ  ᠲᠠᠸᠠᠷ ᠤᠨ  ᠪᠤᠷᠤᠯᠠᠭᠤᠯᠭ᠎ᠠ ᠶᠢᠨ  ᠥᠷᠲᠡᠭ  ᠬᠤᠶᠠᠷ‌ᠣᠷᠤᠨᠲᠤ ᠲᠤᠭ᠎ᠠ ᠶᠢᠨ ᠨᠡᠮᠡᠭᠳᠡᠯ ᠢᠶᠠᠨ ᠪᠠᠲᠤᠯᠠᠭᠰᠠᠨ ᠪᠠᠶᠢᠨ᠎ᠠ᠃                   ᠪᠡᠯᠡ ᠣᠷᠤᠭᠤᠯᠤᠯᠲᠠ ᠠᠴᠠ ᠦᠵᠡᠪᠡᠯ᠂ 1-2 ᠳ᠋ᠤᠭᠠᠷ ᠰᠠᠷ᠎ᠠ  ᠪᠣᠯᠲᠠᠯ᠎ᠠ᠂  ᠪᠦᠬᠦ  ᠤᠯᠤᠰ ᠤᠨ  ᠪᠡᠶᠡᠯᠡᠭᠦᠯᠦᠭᠰᠡᠨ‌‍ᠲ᠋ᠣᠭᠲᠠᠮᠠᠯ  ᠬᠦᠷᠦᠩᠭᠡ ᠶᠢᠨ  ᠪᠡᠯᠡ  ᠣᠷᠤᠭᠤᠯᠤᠯᠲᠠ  50847   ᠳ᠋ᠦᠩᠰᠢᠭᠤᠷ   ᠲᠥᠭᠦᠷᠢᠭ ᠲᠤ   ᠬᠦᠷᠴᠦ᠂   ᠠᠳᠠᠯᠢ‌ᠬᠤᠭᠤᠴᠠᠭᠠᠨ ᠤ ᠎ ᠬᠢ ᠠᠴᠠ 4.2%᠎ ᠪᠠᠷ ᠨᠡᠮᠡᠭᠳᠡᠨ᠂ ᠨᠡᠮᠡᠭᠳᠡᠯ ᠤᠨ ᠬᠤᠷᠳᠤᠴᠠ ᠎ ᠨᠢ 2023 ᠣᠨ ᠤ  ᠎ ᠬᠢ ᠠᠴᠠ  ᠵᠠᠭᠤᠨ ᠤ1.2᠎ ᠪᠠᠷ ᠲᠦᠷᠭᠡᠨ ᠪᠣᠯᠣᠭᠰᠠᠨ ᠪᠠᠶᠢᠨ᠎ᠠ᠃    ᠲᠤᠷᠤᠨ᠎ᠠ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ     
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号