800 ᠭᠠᠷᠤᠶ ᠬᠥᠮᠦᠨ ᠢ ᠤᠯᠤᠰ ᠲᠠᠭᠠᠨ ᠪᠤᠴᠠᠭᠠᠨ ᠠᠪᠴᠢᠷᠠᠪᠠ︕
ᠨᠡᠶᠢᠲᠡᠯᠡᠭᠰᠡᠨ ᠴᠠᠭ᠄
2024/3/20
     800 ᠭᠠᠷᠤᠶ ᠬᠥᠮᠦᠨ ᠢ ᠤᠯᠤᠰ ᠲᠠᠭᠠᠨ ᠪᠤᠴᠠᠭᠠᠨ ᠠᠪᠴᠢᠷᠠᠪᠠ ︕           ᠤᠢᠢᠷ᠎ᠠ ᠶᠢᠨ ᠡᠳᠦᠷ᠂ ᠳᠤᠮᠳᠠᠳᠤ ᠤᠯᠤᠰ ᠪᠣᠯᠤᠨ ᠲᠠᠢ ᠤᠯᠤᠰ ᠪᠢᠷᠮᠠ ᠭᠤᠷᠪᠠᠨ ᠤᠯᠤᠰ ᠤᠨ ᠬᠤᠯᠪᠣᠭᠳᠠᠯ  ᠪᠦᠬᠦᠢ‌‍ᠰᠠᠯᠠᠭ᠎ᠠ ᠮᠥᠴᠢᠷ ᠤᠨ ᠵᠥᠪᠳᠡᠯᠴᠡᠨ ᠵᠥᠪᠰᠢᠶᠡᠷᠡᠭᠰᠡᠨ ᠢᠶᠠᠷ᠂ ᠪᠢᠷᠮᠠ ᠶᠢᠨ ᠮᠢᠶᠣᠣ ᠸᠠ ᠳ᠋ᠢ  ᠣᠷᠣᠨ   ᠳᠤ  ᠪᠠᠶᠢᠬᠰᠠᠨ  800ᠭᠠᠷᠤᠢ ᠳᠤᠮᠳᠠᠳᠤ  ᠤᠯᠤᠰ ᠤᠨ  ᠬᠠᠷᠢᠶ᠎ᠠ ᠲᠠᠢ  ᠵᠣᠭᠤᠰ  ᠮᠦᠷᠦᠶᠢᠴᠡᠬᠦ  ᠮᠡᠬᠡᠯᠡᠯ  ᠬᠢᠭᠰᠡᠨ  ᠡᠲᠡᠭᠡᠳ   ᠢ ᠲᠠᠢ  ᠤᠯᠤᠰ ᠵᠶ᠋ᠠᠷ‌‍ᠲ᠋ᠠᠮᠵᠢᠭᠤᠯᠤᠨ ᠵᠠᠯᠭᠠᠪᠡᠷ ᠤᠯᠤᠰ ᠲᠠᠭᠠᠨ ᠪᠤᠴᠠᠭᠠᠨ ᠠᠪᠴᠢᠷᠠᠪᠠ᠃             ᠣᠶᠢᠯᠠᠭᠠᠭᠰᠠᠨ ᠢᠶᠠᠷ᠂  ᠤᠯᠤᠰ  ᠠᠯᠤᠰᠯᠠᠨ  ᠴᠠᠬᠢᠯᠭᠠᠨ  ᠬᠤᠯᠪᠣᠭ᠎ᠠ  ᠰᠦᠯᠵᠢᠶᠡᠨ ᠤ   ᠮᠡᠬᠡᠯᠡᠯ   ᠬᠢᠭᠰᠡᠨ   ᠪᠠ‌‍ᠰᠦ᠋ᠯᠵᠢᠶ᠎ᠡ ᠪᠠᠷ ᠵᠣᠭᠤᠰ ᠮᠦᠷᠦᠶᠢᠴᠡᠭᠰᠡᠨ ᠵᠡᠷᠭᠡ ᠲᠣᠪᠤᠶᠢᠮ᠎ᠠ ᠶᠠᠯᠠᠲᠤ ᠠᠵᠢᠯᠯᠠᠭ᠎ᠠ ᠳᠤ ᠬᠠᠤᠯᠢ ᠶᠣᠰᠣᠭᠠᠷ ᠴᠣᠬᠢᠯᠲᠠ ᠥᠭᠬᠦ ᠵᠢᠨ‌‍ᠲ᠋ᠥ᠋ᠯᠥᠭᠡ᠂ 2023 ᠣᠨ ᠤ 3 ᠰᠠᠷ᠎ᠠ ᠳᠤ ᠳᠤᠮᠳᠠᠳᠤ ᠤᠯᠤᠰ ᠤᠨ  ᠴᠠᠭᠳᠠᠭᠠᠨ ᠤ  ᠲᠠᠯ᠎ᠠ ᠶᠢᠨ ᠬᠢᠨ  ᠪᠢᠷᠮᠠ  ᠪᠤᠯᠤᠨ ᠲᠠᠢ‌ᠤᠯᠤᠰ ᠤᠨ ᠬᠠᠤᠯᠢ ᠬᠡᠷᠡᠭᠵᠢᠭᠦᠯᠬᠦ  ᠰᠠᠯᠠᠭ᠎ᠠ  ᠮᠥᠴᠢᠷ ᠲᠠᠢ  ᠬᠠᠮᠲᠤᠷᠠᠨ  ᠴᠣᠬᠢᠯᠲᠠ  ᠥᠭᠬᠦ  ᠠᠵᠢᠯᠯᠠᠭ᠎ᠠ ᠶᠢ  ᠡᠬᠢᠯᠡᠭᠦᠯᠵᠦ᠂ᠦᠯᠡᠮᠵᠢ ᠦᠷ᠎ᠡ ᠪᠦᠲᠦᠭᠡᠯ ᠤᠯᠪᠠ᠃ ᠡᠭᠦᠨ ᠳᠤ᠂ ᠳᠤᠮᠳᠠᠳᠤ ᠪᠢᠷᠮᠠ ᠬᠤᠶᠠᠷ  ᠤᠯᠤᠰ ᠤᠨ  ᠴᠠᠭᠳᠠᠭᠠᠨ ᠤ  ᠲᠠᠯ᠎ᠠ ᠶᠢᠨ ᠬᠢᠨ‌ᠣᠯᠠᠨ ᠤᠯᠤᠰ ᠤᠨ ᠬᠠᠤᠯᠢ ᠬᠡᠷᠡᠭᠵᠢᠭᠦᠯᠬᠦ ᠬᠠᠮᠲᠤᠷᠠᠯᠴᠠᠭ᠎ᠠ ᠪᠠᠨ ᠴᠢᠩᠭᠠᠳᠬᠠᠵᠤ᠂ ᠪᠢᠷᠮᠠ ᠶᠢᠨ ᠤᠮᠠᠷᠠᠲᠤ  ᠬᠡᠰᠡᠭ ᠤᠨ  ᠭᠠᠵᠠᠷ‌ᠣᠷᠣᠨ ᠤ ᠵᠣᠭᠤᠰ ᠮᠥᠷᠦ᠋ᠢᠴᠡᠵᠦ ᠮᠡᠬᠡᠯᠡᠯ ᠬᠢᠭᠰᠡᠨ ᠶᠠᠯᠠᠲᠤ ᠠᠵᠢᠯᠯᠠᠭ᠎ᠠ ᠳᠤ  ᠴᠣᠬᠢᠯᠲᠠ  ᠥᠭᠬᠦ  ᠡᠷᠴᠢᠮ ᠢᠶᠠᠨ  ᠲᠠᠰᠤᠷᠠᠯᠲᠠ‌ᠥᠬᠡᠶ ᠴᠢᠩᠭᠠᠷᠠᠭᠤᠯᠵᠤ᠂ ᠬᠦᠴᠦᠷᠬᠡᠭ ᠶᠡᠭᠡ ᠠᠶᠤᠯᠭᠠᠨ  ᠰᠦᠷᠳᠡᠭᠦᠯᠬᠦ  ᠪᠠᠶᠢᠳᠠᠯ   ᠢ  ᠪᠣᠶ  ᠪᠣᠯᠭᠠᠵᠠᠢ᠃  ᠴᠣᠬᠢᠯᠲᠠ  ᠥᠭᠬᠦ‌ᠠᠵᠢᠯᠯᠠᠭ᠎ᠠ ᠦᠷᠭᠦᠯᠵᠢᠯᠡᠨ ᠭᠦᠨᠵᠡᠭᠡᠶᠢᠷᠡᠬᠦ ᠶᠢ ᠳᠠᠭᠠᠯᠳᠤᠨ᠂ ᠭᠤᠷᠪᠠᠨ  ᠲᠠᠯ᠎ᠠ ᠶᠢᠨ  ᠬᠠᠮᠲᠤ ᠶᠢᠨ  ᠴᠢᠷᠮᠠᠶᠢᠯᠭ᠎ᠠ  ᠪᠠ  ᠨᠢᠭᠲᠠ‌ᠬᠠᠮᠵᠢᠯᠴᠠᠭ᠎ᠠ ᠪᠠᠷ ᠳᠡᠮᠵᠢᠨ᠂ ᠪᠢᠷᠮᠠ ᠶᠢᠨ ᠮᠢᠶᠣᠣ ᠸᠠ ᠳ᠋ᠢ ᠣᠷᠣᠨ ᠤ ᠵᠣᠭᠤᠰ ᠮᠦᠷᠦᠶᠢᠴᠡᠬᠦ ᠮᠡᠬᠡᠯᠡᠯ ᠤᠨ ᠶᠠᠯᠠᠲᠤ  ᠠᠵᠢᠯᠯᠠᠭ᠎ᠠ‌‍ᠬᠢᠬᠦ ᠬᠦᠷᠢᠶᠡᠯᠡᠩ  ᠲᠣᠭᠤᠷᠢᠭ   ᠲᠤ  ᠪᠠᠶᠢᠬᠰᠠᠨ  ᠨᠢᠭᠡ  ᠪᠦᠯᠦᠭ  ᠳᠤᠮᠳᠠᠳᠤ  ᠤᠯᠤᠰ ᠤᠨ  ᠬᠠᠷᠢᠶ᠎ᠠ ᠲᠠᠢ  ᠬᠥᠮᠦᠰ  ᠰᠠᠶᠢᠨ‌‍ᠲ᠋ᠤᠷ᠎ᠠ ᠠᠴᠠ ᠪᠠᠨ ᠤᠯᠤᠰ ᠲᠠᠭᠠᠨ ᠪᠤᠴᠠᠨ᠎ᠠ ᠭᠡᠵᠦ ᠳᠤᠷᠠᠳᠪᠠ᠃ ᠣᠶᠢᠷ᠎ᠠ ᠳᠤ᠂ ᠳᠤᠮᠳᠠᠳᠤ ᠤᠯᠤᠰ ᠤᠨ  ᠴᠠᠭᠳᠠᠭᠠᠨ ᠤ  ᠲᠠᠯ᠎ᠠ‌ᠵᠢᠨ  ᠬᠢᠨ ᠠᠵᠢᠯᠯᠠᠬᠤ ᠲᠤᠭᠤᠶᠢᠯᠠᠩ ᠲᠤᠮᠢᠯᠠᠵᠦ᠂ ᠪᠢᠷᠮᠠ ᠪᠤᠯᠤᠨ  ᠲᠠᠢ ᠤᠯᠤᠰ  ᠲᠠᠢ ᠬᠠᠮᠳᠤᠷᠠᠨ ᠡᠳᠡᠭᠡᠷ  ᠬᠥᠮᠦᠰ ᠢ  ᠪᠤᠴᠠᠭᠠᠨ‌ᠠᠪᠴᠢᠷᠠᠬᠤ ᠠᠵᠢᠯ ᠢ ᠪᠡᠶᠡᠯᠡᠭᠦᠯᠵᠡᠶ᠃     
 
ᠢᠷᠡᠯᠲᠡ᠄ ᠠᠷᠠᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号