ᠠᠷᠠᠳ ᠤᠨ ᠡᠳᠦᠷ ᠤᠨ ᠰᠣᠨᠢᠨ ᠤ ᠪᠡᠭᠡᠵᠢᠩ ᠤᠨ 3 ᠰᠠᠷ᠎ᠠ ᠶᠢᠨ 19 ᠤ ᠡᠳᠦᠷ ᠤᠨ ᠮᠡᠳᠡᠭᠡ | ︵ᠰᠤᠷᠪᠤᠯᠵᠢᠯᠠᠭᠴᠢ ᠶᠠᠨ ᠢ ᠴᠢᠶᠣᠤ︶ ᠰᠤᠷᠭᠠᠨ ᠬᠥᠮᠦᠵᠢᠯ ᠤᠨ ᠶᠠᠮᠤᠨ ᠣᠶᠢᠷ᠎ᠠ ᠳᠤ 2023 ᠣᠨ ᠤ ᠪᠥᠬᠦ | ᠤᠯᠤᠰ ᠤᠨ ᠰᠤᠷᠭᠠᠨ ᠬᠥᠮᠦᠵᠢᠯ ᠤᠨ ᠦᠢᠯᠡᠰ ᠤᠨ ᠬᠥᠭᠵᠢᠯᠲᠡ ᠶᠢᠨ ᠦᠨᠳᠦᠰᠦᠨ ᠪᠠᠶᠢᠳᠠᠯ ᠢ ᠨᠡᠶᠢᠲᠡᠯᠡᠪᠡ᠃ | ᠮᠠᠨ ᠤ ᠤᠯᠤᠰ ᠲᠤ ᠡᠯ᠎ᠡ ᠱᠠᠲᠤᠨ ᠤ ᠡᠯ᠎ᠡ ᠲᠥᠷᠥᠯ ᠤᠨ ᠰᠤᠷᠭᠠᠭᠤᠯᠢ ᠨᠡᠶᠢᠲᠡ 49.83 ᠲᠦᠮᠡ | ᠪᠠᠶᠢᠵᠤ᠂ ᠰᠤᠷᠤᠯᠭ᠎ᠠ ᠶᠢᠨ ᠨᠠᠮᠲᠠᠷ ᠤᠨ ᠰᠤᠷᠭᠠᠨ ᠬᠥᠮᠦᠵᠢᠯ ᠤᠨ ᠰᠤᠷᠭᠠᠭᠤᠯᠢ ᠳᠤ ᠪᠠᠶᠢᠭ᠎ᠠ ᠰᠣᠷᠣᠭᠴᠢ 2. | 91 ᠳ᠋ᠦᠩᠰᠢᠭᠤᠷ᠂ ᠲᠤᠰᠬᠠᠶ ᠪᠠᠭᠰᠢ 1891.78 ᠲᠦᠮᠨ ᠪᠠᠶᠢᠨ᠎ᠠ᠃ | ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ ᠬᠥᠮᠦᠵᠢᠯ ᠢ ᠲᠦᠭᠡᠮᠡᠯᠵᠢᠭᠦᠯᠬᠦ ᠲᠦᠪᠰᠢᠨ ᠢ ᠤᠯᠠᠮ | ᠴᠢᠨᠠᠬᠰᠢᠳᠠ ᠳᠡᠭᠡᠭᠰᠢᠯᠡᠭᠦᠯᠪᠡ᠃ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ ᠬᠥᠮᠦᠵᠢᠯ ᠤᠨ | ᠴᠡᠴᠡᠷᠯᠢᠭ ᠲᠤ ᠤᠷᠤᠭᠰᠠᠨ ᠪᠥᠬᠦ ᠨᠣᠷᠮ᠎ᠠ 91.1% ᠳᠤ ᠬᠦᠷᠴᠡᠢ᠃ ᠬᠡᠦᠬᠡᠳ ᠤᠨ ᠴᠡᠴᠡᠷᠯᠢᠭ ᠨᠡᠶᠢᠲᠡ | 27.44 ᠲᠦᠮᠡ᠂ ᠰᠤᠷᠬᠤ ᠨᠠᠰᠤᠨ ᠠᠴᠠ ᠡᠮᠦᠨᠡᠬᠢ ᠰᠤᠷᠭᠠᠨ ᠬᠥᠮᠦᠵᠢᠯ ᠤᠨ ᠴᠡᠴᠡᠷᠯᠢᠭ ᠲᠤ ᠪᠠᠶᠢᠭ᠎ᠠ | ᠬᠡᠦᠬᠡᠳ 4092.98 ᠲᠦᠮᠡ᠂ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ ᠬᠥᠮᠦᠵᠢᠯ ᠤᠨ ᠲᠤᠰᠬᠠᠶ | ᠪᠠᠭᠰᠢ 307.37 ᠲᠦᠮᠨ ᠪᠠᠶᠢᠨ᠎ᠠ᠃ | ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠰᠢᠯᠢᠳᠡᠭ ᠢ ᠥᠷᠭᠡᠳᠬᠡᠨ ᠴᠢᠨᠠᠷ ᠢ ᠳᠡᠭᠡᠭᠰᠢᠯᠡᠭᠦᠯᠬᠦ ᠶᠢ | ᠤᠯᠠᠮ ᠴᠢᠨᠠᠬᠰᠢᠳᠠ ᠠᠬᠢᠭᠤᠯᠪᠠ᠃ ᠶᠢᠰᠦᠨ ᠵᠢᠯ ᠤᠨ ᠠᠯᠪᠠᠨ ᠵᠢᠷᠤᠮ ᠤᠨ ᠰᠤᠷᠭᠠᠨ ᠬᠥᠮᠦᠵᠢᠯ ᠢ | ᠪᠠᠬᠢᠵᠢᠭᠦᠯᠦᠭᠰᠡᠨ ᠨᠤᠷᠮ᠎ᠠ 95.7% ᠳᠤ ᠬᠦᠷᠴᠡᠢ᠃ ᠡᠩ ᠤᠨ ᠪᠠᠭ᠎ᠠ ᠰᠤᠷᠭᠠᠭᠤᠯᠢ ᠨᠡᠶᠢᠲᠡ 14.35 | ᠲᠦᠮᠡ᠂ ᠰᠤᠷᠭᠠᠭᠤᠯᠢ ᠳᠤ ᠪᠠᠶᠢᠭ᠎ᠠ ᠰᠣᠷᠣᠭᠴᠢ 1.08 ᠳ᠋ᠦᠩᠰᠢᠭᠤᠷ᠂ ᠪᠠᠭ᠎ᠠ ᠰᠤᠷᠭᠠᠭᠤᠯᠢ ᠶᠢᠨ ᠱᠠᠲᠤᠨ ᠤ | ᠰᠤᠷᠭᠠᠨ ᠬᠥᠮᠦᠵᠢᠯ ᠤᠨ ᠲᠤᠰᠬᠠᠶ ᠪᠠᠭᠰᠢ 665.63 ᠲᠦᠮᠨ ᠪᠠᠶᠢᠵᠤ᠂ ᠲᠦᠷᠦᠭᠦᠦ ᠵᠢᠯ ᠤᠨ ᠬᠢ ᠠᠴᠠ 2. | 68 ᠲᠦᠮᠡ ᠨᠡᠮᠡᠭᠳᠡᠵᠡᠶ︔ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠨᠡᠶᠢᠲᠡ 5.23 ᠲᠦᠮᠡ᠂ | ᠰᠤᠷᠭᠠᠭᠤᠯᠢ ᠳᠤ ᠪᠠᠶᠢᠭ᠎ᠠ ᠰᠣᠷᠣᠭᠴᠢ 5243.69 ᠲᠦᠮᠡ᠂ ᠠᠩᠬ᠎ᠠ ᠵᠡᠷᠭᠡ ᠶᠢᠨ ᠳᠤᠮᠳᠠᠳᠤ | ᠰᠤᠷᠭᠠᠭᠤᠯᠢ ᠶᠢᠨ ᠱᠠᠲᠤᠨ ᠤ ᠰᠤᠷᠭᠠᠨ ᠬᠥᠮᠦᠵᠢᠯ ᠤᠨ ᠲᠤᠰᠬᠠᠶ ᠪᠠᠭᠰᠢ 408.31 ᠲᠦᠮᠡ ᠪᠠᠶᠢᠵᠤ᠂ | ᠲᠦᠷᠦᠭᠦᠦ ᠵᠢᠯ ᠤᠨ ᠬᠢ ᠠᠴᠠ ᠪᠠᠨ 5.79 ᠲᠦᠮᠡ ᠨᠡᠮᠡᠭᠳᠡᠵᠡᠶ᠃ | ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠱᠠᠲᠤᠨ ᠤ ᠰᠤᠷᠭᠠᠭᠤᠯᠢ ᠡᠷᠬᠢᠯᠡᠬᠦ ᠨᠥᠬᠦᠴᠡᠯ ᠤᠯᠠᠮ | ᠴᠢᠨᠠᠬᠰᠢᠳᠠ ᠰᠠᠶᠢᠵᠢᠷᠠᠪᠠ᠃ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠱᠠᠲᠤᠨ ᠤ ᠰᠤᠷᠭᠠᠭᠤᠯᠢ ᠳᠤ | ᠤᠷᠤᠭᠰᠠᠨ ᠪᠥᠬᠦ ᠨᠣᠷᠮ᠎ᠠ 91.8% ᠳᠤ ᠬᠦᠷᠴᠡᠢ᠃ ᠡᠩ ᠤᠨ ᠥᠨᠳᠥᠷ ᠵᠡᠷᠭᠡ ᠶᠢᠨ ᠳᠤᠮᠳᠠᠳᠤ | ᠰᠤᠷᠭᠠᠭᠤᠯᠢ ᠨᠡᠶᠢᠲᠡ 1.54 ᠲᠦᠮᠡ ᠪᠠᠶᠢᠵᠤ᠂ ᠲᠦᠷᠦᠭᠦᠦ ᠵᠢᠯ ᠤᠨ ᠬᠢ ᠠᠴᠠ ᠪᠠᠨ 355 ᠨᠡᠮᠡᠭᠳᠡᠵᠡᠶ︔ | ᠰᠤᠷᠭᠠᠭᠤᠯᠢ ᠳᠤ ᠪᠠᠶᠢᠭ᠎ᠠ ᠰᠣᠷᠣᠭᠴᠢ 2803.63 ᠲᠦᠮᠨ ᠪᠠᠶᠢᠵᠤ᠂ ᠲᠦᠷᠦᠭᠦᠦ ᠵᠢᠯ ᠤᠨ ᠬᠢ ᠠᠴᠠ ᠪᠠᠨ | 89.75 ᠲᠦᠮᠨ ᠨᠡᠮᠡᠭᠳᠡᠵᠡᠶ︔ ᠡᠩ ᠤᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠲᠤᠰᠬᠠᠶ | ᠪᠠᠭᠰᠢ 221.48 ᠲᠦᠮᠡ ᠪᠠᠶᠢᠵᠤ᠂ ᠲᠦᠷᠦᠭᠦᠦ ᠵᠢᠯ ᠤᠨ ᠬᠢ ᠠᠴᠠ ᠪᠠᠨ 8.16 ᠲᠦᠮᠨ ᠨᠡᠮᠡᠭᠳᠡᠵᠡᠶ᠃ | | ᠳᠡᠭᠡᠳᠦ ᠵᠡᠷᠭᠡ ᠶᠢᠨ ᠰᠤᠷᠭᠠᠨ ᠬᠥᠮᠦᠵᠢᠯ ᠤᠨ ᠰᠤᠷᠭᠠᠭᠤᠯᠢ ᠳᠤ ᠣᠷᠣᠬᠤ ᠲᠣᠬᠢᠶᠠᠯ ᠤᠯᠠᠮ ᠴᠢᠨᠠᠬᠰᠢᠳᠠ | ᠨᠡᠮᠡᠭᠳᠡᠪᠡ᠃ ᠳᠡᠭᠡᠳᠦ ᠵᠡᠷᠭᠡ ᠶᠢᠨ ᠰᠤᠷᠭᠠᠨ ᠬᠥᠮᠦᠵᠢᠯ ᠤᠨ ᠰᠤᠷᠭᠠᠭᠤᠯᠢ ᠳᠤ ᠤᠷᠤᠭᠰᠠᠨ ᠪᠦᠬᠦ ᠨᠤᠷᠮ᠎ᠠ 60. | 2% ᠲᠤ ᠬᠦᠷᠴᠡᠢ᠃ ᠶᠡᠭᠡ ᠳᠡᠭᠡᠳᠦ ᠰᠤᠷᠭᠠᠭᠤᠯᠢ ᠨᠡᠶᠢᠲᠡ 3074 ᠪᠠᠶᠢᠵᠤ᠂ ᠲᠦᠷᠦᠭᠦᠦ | ᠵᠢᠯ ᠤᠨ ᠬᠢ ᠠᠴᠠ ᠪᠠᠨ 61 ᠨᠡᠮᠡᠭᠳᠡᠵᠡᠶ︔ ᠡᠯ᠎ᠡ ᠵᠦᠢᠯ ᠤᠨ ᠬᠡᠯᠪᠡᠷᠢ ᠶᠢᠨ ᠳᠡᠭᠡᠳᠦ ᠵᠡᠷᠭᠡ ᠶᠢᠨ ᠰᠤᠷᠭᠠᠨ | ᠬᠥᠮᠦᠵᠢᠯ ᠤᠨ ᠰᠤᠷᠭᠠᠭᠤᠯᠢ ᠳᠤ ᠪᠠᠶᠢᠭ᠎ᠠ ᠰᠤᠷᠤᠬᠴᠢ ᠶᠢᠨ ᠶᠡᠷᠦᠩᠬᠡᠢ ᠲᠤᠭ᠎ᠠ ᠬᠡᠮᠵᠢᠶ᠎ᠡ 4763.19 | ᠲᠦᠮᠡ ᠳᠤ ᠬᠦᠷᠴᠦ᠂ ᠲᠦᠷᠦᠭᠦᠦ ᠵᠢᠯ ᠤᠨ ᠬᠢ ᠠᠴᠠ ᠪᠠᠨ 108.11 ᠲᠦᠮᠨ ᠨᠡᠮᠡᠭᠳᠡᠵᠡᠢ︔ | ᠳᠡᠭᠡᠳᠦ ᠵᠡᠷᠭᠡ ᠶᠢᠨ ᠰᠤᠷᠭᠠᠨ ᠬᠥᠮᠦᠵᠢᠯ ᠤᠨ ᠲᠤᠰᠬᠠᠢ ᠪᠠᠭᠰᠢ 207.49 ᠲᠦᠮᠡ ᠪᠠᠶᠢᠵᠤ᠂ ᠲᠦᠷᠦᠭᠦᠦ | ᠵᠢᠯ ᠤᠨ ᠬᠢ ᠠᠴᠠ ᠪᠠᠨ 9.71 ᠲᠦᠮᠨ ᠨᠡᠮᠡᠭᠳᠡᠵᠡᠢ᠃ | |